ᠨᠤᠲᠤᠭ ᠮᠢᠨᠢ ᠳᠡᠯᠭᠡᠷᠰᠢᠬᠦ ᠪᠡᠷ- ᠴᠡᠪᠡᠷᠴᠡᠴᠡᠭНутаг минь дэлгэршихээр-Цэвэрцэцэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠮᠢᠨᠢ ᠳᠡᠯᠭᠡᠷᠰᠢᠬᠦ ᠪᠡᠷ- ᠴᠡᠪᠡᠷᠴᠡᠴᠡᠭНутаг минь дэлгэршихээр-Цэвэрцэцэг

ᠨᠤᠲᠤᠭ ᠮᠢᠨᠢ ᠳᠡᠯᠭᠡᠷᠰᠢᠬᠦ ᠪᠡᠷ- ᠴᠡᠪᠡᠷᠴᠡᠴᠡᠭНутаг минь дэлгэршихээр-Цэвэрцэцэг

ᠠᠩᠭᠢᠯᠠᠯ:ᠳᠠᠭᠤᠤ ᠬᠥᠭᠵᠢᠮ
2024-03-08

441

ᠨᠤᠲᠤᠭ ᠮᠢᠨᠢ ᠳᠡᠯᠭᠡᠷᠰᠢᠬᠦ ᠪᠡᠷ

   — ᠴᠡᠪᠡᠷᠴᠡᠴᠡᠭ ᠳᠠᠭᠤᠯᠠᠨ᠎ᠠ 
   ᠠᠶ᠎ᠠ᠄ ᠬᠡ᠂ ᠰᠡᠴᠡᠨᠲᠦ 
   ᠦᠭᠡ᠄ ᠶᠤ᠌᠂ ᠡᠷᠳᠡᠨᠢᠲᠣᠭᠲᠠᠬᠤ 

ᠴᠠᠭ ᠨᠢ ᠤᠷᠢᠨᠰᠢᠬᠤ ᠪᠠᠷ ᠵᠢᠪᠠᠷ ᠬᠠᠯᠠᠭᠠᠭᠠᠳ 
ᠴᠠᠰᠤ ᠨᠢ ᠰᠡᠮᠡᠵᠡᠷᠡᠬᠦ ᠪᠡᠷ ᠠᠭᠢ ᠨᠢᠳᠦᠯᠡᠨ᠎ᠡ 
ᠡᠭᠦᠯᠡ ᠨᠢ ᠬᠤᠷᠠᠰᠢᠬᠤ ᠪᠠᠷ ᠳᠡᠯᠡᠬᠡᠢ ᠳᠡᠯᠡᠩᠨᠡᠭᠡᠳ 
ᠨᠠᠭᠤᠷ ᠨᠢ ᠰᠡᠯᠪᠢᠭᠳᠡᠬᠦ ᠪᠡᠷ ᠨᠤᠭᠤᠰᠤ ᠴᠡᠩᠭᠡᠯᠳᠦᠨ᠎ᠡ 
ᠠᠢ ᠬᠦ ᠵᠠ ᠬᠦ 
ᠳᠡᠩᠳᠡᠭᠦᠦ ᠡᠶᠡᠷᠡᠭᠦᠬᠡᠨ ᠲᠡᠨᠢᠭᠡᠷ ᠨᠤᠲᠤᠭ ᠤ᠋ᠨ ᠮᠢᠨᠢ 
ᠳᠡᠯᠭᠡᠷᠡᠬᠦ ᠴᠠᠭ ᠪᠣᠯᠤᠭ᠎ᠠ ᠶᠤ᠌ ᠳᠠ ᠬᠦ

ᠰᠦᠷᠦᠭ ᠨᠢ ᠦᠷᠡᠵᠢᠬᠦ ᠪᠡᠷ ᠬᠣᠲᠠ ᠪᠢᠯᠬᠠᠭᠠᠳ
ᠰᠦ ᠨᠢ ᠢᠪᠢᠯᠬᠦ ᠪᠡᠷ ᠰᠠᠯᠬᠢ ᠡᠶᠡᠷᠰᠢᠨ᠎ᠡ
ᠬᠦᠯᠦᠭ ᠨᠢ ᠬᠤᠷᠳᠤᠯᠠᠬᠤ ᠪᠠᠷ ᠲᠠᠯ᠎ᠠ ᠠᠭᠤᠵᠢᠷᠠᠭᠠᠳ
ᠬᠥᠬᠡ ᠲᠩᠷᠢ ᠶ᠋ᠢᠨ ᠬᠢᠨᠢ ᠴᠡᠭᠡᠯ ᠬᠥᠮᠥᠢᠨ᠎ᠡ
ᠠᠢ ᠬᠦ ᠵᠠ ᠬᠦ
ᠳᠡᠩᠳᠡᠭᠦᠦ ᠡᠶᠡᠷᠡᠭᠦᠬᠡᠨ ᠲᠡᠨᠢᠭᠡᠷ ᠨᠤᠲᠤᠭ ᠤ᠋ᠨ ᠮᠢᠨᠢ
ᠳᠡᠯᠭᠡᠷᠡᠬᠦ ᠴᠠᠭ ᠨᠢ ᠪᠣᠯᠤᠭ᠎ᠠ ᠶᠤ᠌ ᠳᠠ ᠬᠦ

ᠪᠠᠢᠭᠠᠯᠢ ᠪᠠᠨ ᠰᠢᠲᠦᠬᠦ ᠪᠡᠷ ᠪᠤᠶᠠᠨ ᠨᠢ ᠢᠪᠡᠭᠡᠭᠡᠳ
ᠪᠤᠶᠠᠨ ᠢ᠋ᠶ᠋ᠠᠨ ᠳᠡᠭᠡᠳᠦᠯᠡᠬᠦ ᠪᠡᠷ ᠬᠡᠰᠢᠭ ᠨᠢ ᠳᠡᠯᠭᠡᠷᠡᠨ᠎ᠡ
ᠬᠥᠮᠦᠨ ᠠᠷᠠᠳ ᠤ᠋ᠨ ᠬᠢᠨᠢ ᠰᠡᠳᠬᠢᠯ ᠰᠡᠷᠭᠦᠭᠡᠳ
ᠬᠥᠬᠡᠮᠳᠦᠭ ᠠᠯᠤᠰ ᠤ᠋ᠨ ᠬᠢᠨᠢ ᠪᠠᠷ᠎ᠠ ᠲᠣᠳᠣᠷᠠᠨ᠎ᠠ
ᠠᠢ ᠬᠦ ᠵᠠ ᠬᠦ
ᠳᠡᠩᠳᠡᠭᠦᠦ ᠡᠶᠡᠷᠭᠦᠬᠡᠨ ᠲᠡᠨᠢᠭᠡᠷ ᠨᠤᠲᠤᠭ ᠤ᠋ᠨ ᠮᠢᠨᠢ
ᠳᠡᠯᠭᠡᠷᠡᠬᠦ ᠴᠠᠭ ᠨᠢ ᠪᠣᠯᠤᠭ᠎ᠠ ᠶᠣ᠌ ᠳᠠ ᠬᠦ

   ᠦᠰᠦᠭ ᠬᠠᠳᠠᠭᠴᠢ᠄ ᠮᠢᠳᠤᠭᠮ᠎ᠡ
   ᠦᠰᠦᠭ ᠠᠮᠢᠯᠠᠭᠤᠯᠤᠭᠴᠢ᠄ ᠳᠡᠯᠭᠡᠷᠴᠡᠴᠡᠭ
   ᠬᠢᠨᠠᠭᠴᠢ᠄ ᠣᠳᠬᠠᠨᠰᠣ᠎ᠡ ᠮᠥᠴᠢᠷ