ᠲᠣᠢᠳ ᠤ᠋ᠨ ᠮᠣᠳᠣ Тойдын мод ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠢᠳ ᠤ᠋ᠨ ᠮᠣᠳᠣ Тойдын мод

ᠲᠣᠢᠳ ᠤ᠋ᠨ ᠮᠣᠳᠣ Тойдын мод

2024-03-07

417

ᠲᠣᠢᠳ ᠤ᠋ᠨ ᠮᠣᠳᠣ

        ᠲᠣᠢᠳ ᠤ᠋ᠨ ᠮᠣᠳᠣᠨ ᠢᠵᠠᠭᠤᠷ 
   ᠮᠥᠩᠬᠡ ᠨᠣᠭᠣᠭᠠᠨ ᠲᠤᠷᠤᠭ ᠮᠣᠳᠣ᠂ 10—20m ᠥᠨᠳᠥᠷ᠂ ᠢᠭᠴᠢ ᠨᠠᠪᠴᠢ ᠮᠥᠴᠢᠷ ᠲᠡᠢ ᠪᠥᠭᠡᠳ ᠦᠨᠡᠰᠦᠨ ᠥᠩᠭᠡᠲᠦ ᠬᠣᠯᠲᠣᠰᠣ ᠲᠠᠢ᠃ ᠨᠠᠪᠴᠢ ᠨᠢ7—10cm ᠤᠷᠲᠤ᠂ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠂ ᠪᠠᠷᠤᠭ ᠴᠢᠭᠲᠠᠯᠠᠨ ᠤᠷᠭᠤᠨ᠎ᠠ᠃ ᠨᠠᠷᠢᠬᠠᠨ ᠤᠭ ᠲᠠᠢ᠂ ᠱᠣᠪᠬᠣ ᠦᠵᠦᠭᠦᠷ ᠲᠡᠢ᠂ ᠠᠷᠤ ᠲᠠᠯ᠎ᠠ ᠳ᠋ᠠᠭᠠᠨ ᠵᠢᠭᠠᠬᠠᠨ ᠣ ᠲᠠᠢ᠂ ᠭᠣᠣᠯ ᠰᠤᠳᠠᠯ ᠨᠢ ᠭᠦᠷᠡᠭᠡᠷ᠃ ᠴᠡᠴᠡᠭ ᠨᠢ ᠭᠠᠭᠴᠠ ᠪᠡᠯᠭᠡ ᠲᠡᠢ ᠪᠥᠭᠡᠳ ᠣᠨᠳᠣᠣ ᠭᠡᠷ ᠲᠡᠢ᠂ ᠪᠦᠷ ᠨᠢᠳᠤᠨᠤᠨ ᠵᠢᠯ ᠦ᠋ᠨ ᠢ᠋ᠶ᠋ᠡᠨ ᠮᠥᠴᠢᠷ ᠳᠡᠭᠡᠷ᠎ᠡ ᠤᠷᠭᠤᠳᠠᠭ᠃ ᠡᠷ᠎ᠡ ᠴᠡᠴᠡᠭ ᠨᠢ ᠭᠦᠢᠬᠡᠨ ᠰᠢᠷ᠎ᠠ᠂3—5cm ᠤᠷᠲᠤ ᠤᠨᠵᠢᠭᠢᠷ ᠪᠠᠭ ᠴᠡᠴᠡᠭ ᠪᠦᠷᠢᠯᠳᠦᠵᠦ ᠪᠠᠭᠯᠠᠷᠠᠨ ᠤᠷᠭᠤᠨ᠎ᠠ᠃ ᠡᠮ᠎ᠡ ᠪᠠᠭ ᠴᠡᠴᠡᠭ ᠨᠢ ᠮᠢᠬᠠᠯᠢᠭ ᠲᠣᠮᠣ ᠰᠠᠭᠤᠳᠠᠯ ᠲᠠᠢ᠂ ᠲᠡᠭᠦᠨ ᠦ᠌ ᠳᠣᠣᠷ᠎ᠠ ᠲᠠᠯ᠎ᠠ ᠳ᠋ᠤ᠌ ᠪᠠᠰᠠ ᠪᠦᠰᠡ ᠬᠡᠯᠪᠡᠷᠢᠲᠡᠢ ᠳᠥᠷᠪᠡᠨ ᠬᠠᠢᠷᠰᠤᠨ ᠢᠯᠲᠠᠰᠤ ᠪᠣᠢ᠃ ᠦᠷ᠎ᠡ ᠨᠢ ᠪᠠᠷᠤᠭ 1cm ᠤᠷᠲᠤ᠂ ᠥᠨᠳᠡᠭᠡᠯᠵᠢᠨ᠂ ᠡᠬᠢᠨ ᠳ᠋ᠡᠭᠡᠨ ᠨᠣᠭᠣᠭᠠᠨ ᠪᠠᠢᠵᠤ ᠬᠣᠵᠢᠮ ᠨᠢ ᠪᠣᠷᠣ ᠪᠣᠯᠵᠤ ᠬᠤᠪᠢᠷᠠᠳᠠᠭ᠃ ᠦᠷ᠎ᠡ ᠶ᠋ᠢᠨ ᠰᠠᠭᠤᠳᠠᠯ ᠨᠢ ᠮᠢᠬᠠᠯᠢᠭ ᠲᠣᠮᠣ᠂ ᠪᠣᠯᠪᠠᠰᠤᠷᠠᠵᠤ ᠭᠦᠢᠴᠡᠬᠦ ᠳ᠋ᠡᠭᠡᠨ ᠤᠯᠠᠭᠠᠨ ᠪᠤᠶᠤ ᠪᠣᠷᠣᠪᠲᠤᠷ ᠤᠯᠠᠭᠠᠨ ᠪᠣᠯᠳᠠᠭ᠂ 1—1.5cm ᠤᠷᠲᠤ ᠪᠠᠷᠢᠭᠤᠯ ᠲᠠᠢ᠃ ᠬᠠᠯᠠᠭᠤᠨ ᠪᠦᠰᠡ ᠪᠠ ᠳᠡᠳ᠋ ᠬᠠᠯᠠᠭᠤᠨ ᠪᠦᠰᠡ ᠶ᠋ᠢᠨ ᠠᠭᠤᠯᠠᠨ ᠳ᠋ᠤ᠌ ᠤᠷᠭᠤᠨ᠎ᠠ᠃ ᠮᠠᠨ ᠤ᠋ ᠤᠯᠤᠰ ᠤ᠋ᠨ ᠬᠦᠬᠡᠮᠥ᠋ᠷᠡᠨ ᠦ᠌ ᠡᠮᠦᠨᠡᠳᠦᠬᠢ ᠡᠯ᠎ᠡ ᠮᠣᠵᠢ ᠪᠠ ᠪᠠᠷᠠᠭᠤᠨᠰᠢ ᠰᠧᠴᠤᠸᠠᠨ᠂ ᠶᠦᠨᠨᠠᠨ ᠵᠡᠷᠭᠡ ᠮᠣᠵᠢ ᠪᠠᠷ ᠤᠷᠭᠤᠳᠠᠭ᠃ ᠥᠪᠥᠷ ᠮᠣᠩᠭᠣᠯ ᠤ᠋ᠨ ᠴᠡᠴᠡᠷᠯᠢᠭ ᠦ᠋ᠳ ᠲᠤ ᠠᠷᠠᠴᠢᠯᠠᠨ ᠵᠠᠢᠯᠠᠵᠤ ᠪᠣᠢ᠃ ᠮᠣᠳᠣᠨ ᠮᠠᠲ᠋ᠧᠷᠢᠶᠠᠯ ᠢ᠋ ᠨᠢ ᠭᠡᠷ ᠪᠠᠷᠢᠯᠭ᠎ᠠ ᠬᠢᠭᠡᠳ ᠪᠠᠭᠠᠵᠢ ᠬᠡᠷᠡᠭᠰᠡᠯ ᠳ᠋ᠦ᠍ ᠬᠡᠷᠡᠭᠯᠡᠨ᠎ᠡ᠃ ᠦᠷ᠎ᠡ ᠶ᠋ᠢᠨ ᠰᠠᠭᠤᠳᠠᠯ ᠨᠢ ᠠᠮᠲᠠᠲᠠᠢ ᠪᠣᠯᠬᠣᠷ ᠢᠳᠡᠵᠦ ᠪᠣᠯᠤᠨ᠎ᠠ᠃ ᠦᠵᠡᠮᠵᠢ ᠶ᠋ᠢᠨ ᠮᠣᠳᠣ᠃ ᠬᠣᠯᠲᠣᠰᠣ ᠪᠣᠯᠤᠨ ᠦᠷ᠎ᠡ ᠨᠢ ᠡᠮ ᠳ᠋ᠦ᠍ ᠣᠷᠣᠨ᠎ᠠ᠃ 
ᠬᠢᠲᠠᠳ ᠨᠡᠷ᠎ᠡ᠄ 罗汉松(土杉)
ᠠᠩᠭ᠌ᠯᠢ ᠨᠡᠷ᠎ᠡ᠄podocarpus macrophyllus(Thunb.)D.Dom    
    ᠦᠰᠦᠭ     ᠠᠮᠢᠯᠠᠭᠤᠯᠤᠭᠴᠢ᠄ ᠳ᠂ ᠡᠷᠬᠢᠮᠪᠠᠭᠠᠲᠤᠷ 
    ᠬᠢᠨᠠᠭᠴᠢ᠄ ᠣ ᠰᠡᠴᠡᠨᠲᠤ ᠲᠤᠶᠠᠭ᠎ᠠ