ᠬᠡᠢ ᠮᠣᠷᠢ ᠭᠡᠵᠦ ᠶᠠᠭᠤ ᠪᠣᠢГий морь гэж юу бэ
ᠬᠡᠢ ᠮᠣᠷᠢ ᠭᠡᠵᠦ ᠶᠠᠭᠤ ᠪᠣᠢ
ᠵᠠ ᠲᠣᠪᠴᠢᠬᠠᠨ ᠳ᠋ᠤ᠌ ᠪᠠᠨ ᠪᠣᠯ《ᠬᠡᠢ》 ᠪᠠ《ᠮᠣᠷᠢ》 ᠭᠡᠰᠡᠨ ᠬᠣᠶᠠᠷ ᠦᠭᠡᠨ ᠡᠴᠡ ᠪᠦᠷᠢᠳᠦᠭᠰᠡᠨ᠂ ᠡᠨᠡ ᠦᠭᠡᠨ ᠦ᠌《ᠬᠡᠢ》 ᠬᠡᠮᠡᠬᠦ ᠨᠢ ᠬᠥᠮᠦᠨ ᠦ᠌ ᠪᠡᠶ᠎ᠡ ᠳ᠋ᠦ᠍ ᠪᠠᠢᠳᠠᠭ ᠲᠠᠪᠤᠨ ᠬᠡᠢ ᠶ᠋ᠢ ᠬᠡᠯᠡᠵᠦ ᠪᠣᠢ᠃ ᠲᠡᠳᠡᠭᠡᠷ ᠨᠢ ᠠᠮᠢ ᠪᠠᠷᠢᠭᠴᠢ᠂ ᠳᠡᠭᠡᠭᠰᠢ ᠭᠦᠶᠦᠭᠴᠢ᠂ ᠲᠦᠭᠡᠭᠡᠭᠴᠢ᠂ ᠭᠠᠯ ᠲᠡᠭᠰᠢᠳᠬᠡᠭᠴᠢ᠂ ᠤᠷᠤᠭᠤ ᠠᠷᠢᠯᠭᠠᠭᠴᠢ ᠲᠠᠪᠤ ᠶᠤᠮ᠃ ᠡᠨᠡ ᠲᠠᠪᠤᠨ ᠬᠡᠢ ᠵᠥᠪ ᠪᠥᠭᠡᠳ ᠬᠦᠴᠦᠲᠡᠢ ᠪᠠᠢᠵᠤ ᠬᠥᠮᠦᠨ ᠡᠷᠡᠭᠦᠯ ᠰᠠᠷᠠᠭᠤᠯ ᠣᠷᠣᠰᠢᠳᠠᠭ ᠪᠣᠯᠤᠨ᠎ᠠ᠂ ᠬᠡᠢ ᠬᠢᠮᠤᠷᠠᠵᠤ ᠳᠣᠷᠣᠢᠲᠠᠪᠠᠯ ᠡᠪᠡᠳᠴᠢᠨ ᠲᠡᠷᠢᠭᠦᠲᠡᠢ ᠣᠯᠠᠨ ᠵᠣᠪᠠᠯᠠᠩ ᠢᠷᠡᠨ᠎ᠡ᠃ ᠲᠠᠪᠤᠨ ᠬᠡᠢ ᠳᠣᠲᠣᠷ᠎ᠠ ᠠ᠋ᠴᠠ ᠠᠮᠢ ᠪᠠᠷᠢᠭᠴᠢ ᠬᠡᠢ ᠶᠡᠬᠡ ᠴᠢᠬᠤᠯᠠ ᠳ᠋ᠤ᠌ ᠲᠣᠭᠠᠴᠠᠭᠳᠠᠳᠠᠭ ᠤᠴᠢᠷ ᠲᠠᠢ᠃《ᠮᠣᠷᠢ》 ᠬᠡᠮᠡᠬᠦ ᠨᠢ ᠲᠠᠪᠤᠨ ᠬᠣᠰᠢᠭᠤ ᠮᠠᠯ ᠤ᠋ᠨ ᠬᠠᠮᠤᠭ ᠤ᠋ᠨ ᠬᠤᠷᠳᠤᠨ ᠱᠠᠯᠠᠮᠠᠭᠠᠢ ᠨᠢ ᠪᠣᠯᠬᠤ ᠮᠣᠷᠢ ᠶᠤᠮ᠃ ᠮᠣᠷᠢ ᠶ᠋ᠢ ᠶᠠᠭᠠᠬᠢᠭᠠᠳ ᠬᠡᠢ ᠲᠡᠢ ᠬᠣᠯᠪᠣᠭᠰᠠᠨ ᠭᠡᠬᠦ ᠪᠡᠷ ᠬᠥᠮᠦᠨ ᠡᠷᠡᠭᠦᠯ᠂ ᠤᠬᠠᠭᠠᠨ ᠰᠠᠷᠠᠭᠤᠯ᠂ ᠦᠢᠯᠡᠰ ᠨᠢ ᠪᠦᠲᠦᠮᠵᠢᠲᠡᠢ᠂ ᠴᠣᠪᠣᠭᠣ ᠰᠡᠷᠭᠦᠯᠡᠩ᠂ ᠥᠩᠭᠡ ᠦᠵᠡᠮᠵᠢᠲᠡᠢ ᠪᠠᠢᠬᠤ ᠳ᠋ᠤ᠌ ᠳᠣᠲᠣᠭᠠᠳᠤ ᠲᠠᠪᠤᠨ ᠬᠡᠢ ᠮᠣᠷᠢ ᠮᠡᠲᠦ ᠬᠤᠷᠳᠤᠨ ᠭᠦᠶᠦᠪᠡᠯ ᠳᠡᠭᠡᠷᠡᠬᠢ ᠮᠡᠲᠦ ᠪᠠᠢᠳᠠᠭ ᠲᠤᠯᠠ ᠲᠡᠷᠡ ᠶᠤᠮ᠃ ᠮᠣᠷᠢ ᠬᠥᠯᠥᠭᠯᠡᠭᠰᠡᠨ ᠬᠡᠢ ᠪᠤᠶᠤ ᠬᠡᠢ ᠮᠣᠷᠢ ᠶ᠋ᠢ ᠵᠠᠷᠤᠵᠤ᠂ ᠴᠢᠭᠯᠡᠭᠦᠯᠵᠦ᠂ ᠬᠥᠯᠥᠭᠯᠡᠵᠤ ᠪᠠᠢᠳᠠᠭ ᠨᠢ ᠬᠥᠮᠦᠨ ᠦ᠌ ᠰᠡᠳᠬᠢᠯ (ᠰᠦᠨᠡᠰᠦ) ᠶᠤᠮ᠃
ᠵᠠ ᠲᠡᠭᠡᠬᠦ ᠪᠡᠷ ᠬᠡᠢ ᠮᠣᠷᠢ ᠨᠢ ᠬᠥᠮᠦᠨ ᠦ᠌ ᠪᠡᠶ᠎ᠡ ᠳ᠋ᠦ᠍ ᠣᠷᠣᠰᠢᠳᠠᠭ᠂ ᠲᠡᠷᠡ ᠲᠣᠰᠤᠮ ᠢ᠋ᠶ᠋ᠠᠨ ᠳᠣᠲᠣᠭᠠᠳᠤ ᠰᠡᠳᠬᠢᠯ ᠰᠦᠨᠡᠰᠦ ᠲᠡᠢ ᠨᠢ ᠬᠣᠯᠪᠣᠭ᠎ᠠ ᠲᠠᠢ ᠪᠠᠢᠬᠤ ᠨᠢ᠃
ᠲᠡᠭᠡᠪᠡᠯ ᠶᠠᠮᠠᠷ ᠦᠢᠯᠡ ᠦᠢᠯᠡᠳᠪᠡᠰᠦ ᠬᠡᠢ ᠮᠣᠷᠢ ᠪᠠᠳᠠᠷᠠᠬᠤ ᠪᠣᠢ ᠭᠡᠪᠡᠯ ᠰᠡᠳᠬᠢᠯ ᠰᠡᠷᠭᠦᠬᠦ ᠪᠠᠲᠤᠵᠢᠬᠤ ᠦᠢᠯᠡ ᠨᠦ᠍ᠭᠦᠳ ᠶᠤᠮ᠃ ᠡᠨᠡ ᠨᠢ ᠵᠥᠪ ᠤᠬᠠᠭᠠᠨ᠂ ᠵᠥᠪ ᠶᠠᠪᠤᠳᠠᠯ᠂ ᠵᠥᠪ ᠠᠮᠢᠳᠤᠷᠠᠯ ᠢ᠋ ᠳᠠᠲᠦᠭᠤᠯᠤᠭᠴᠢ ᠵᠥᠪ ᠰᠠᠢᠨ ᠦᠢᠯᠡ ᠨᠦ᠍ᠭᠦᠳ ᠭᠡᠰᠡᠨ ᠦᠭᠡ᠃ ᠡᠩ ᠦ᠋ᠨ ᠬᠢ ᠪᠡᠷ ᠪᠣᠯ ᠬᠥᠮᠦᠨᠯᠢᠭ᠂ ᠲᠤᠰᠠᠷᠬᠠᠤ᠂ ᠭᠡᠭᠡᠨᠯᠢᠭ ᠪᠤᠶᠤ ᠬᠥᠮᠦᠨ ᠳ᠋ᠦ᠍ ᠵᠢᠩᠬᠢᠨᠢ ᠡᠴᠡ ᠪᠡᠨ ᠠᠵᠠ ᠵᠢᠷᠭᠠᠯ ᠢ᠋ ᠠᠪᠴᠢᠷᠠᠳᠠᠭ ᠪᠤᠰᠤᠳ ᠤ᠋ᠨ ᠲᠥᠯᠥᠭᠡ ᠭᠡᠰᠡᠨ ᠵᠥᠪ ᠦᠢᠯᠡ ᠨᠦ᠍ᠭᠦᠳ ᠶᠤᠮ᠃ ᠶᠠᠮᠠᠷ ᠦᠢᠯᠡ ᠨᠦ᠍ᠭᠦᠳ ᠨᠢ ᠬᠡᠢ ᠮᠣᠷᠢ ᠶ᠋ᠢ ᠳᠣᠷᠣᠢᠲᠠᠭᠤᠯᠳᠠᠭ ᠪᠣᠢ ᠭᠡᠪᠡᠯ ᠠᠲᠠᠭ᠎ᠠ ᠬᠣᠷᠣᠰᠤᠯ᠂ ᠠᠭᠤᠷ ᠬᠢᠯᠢᠩ᠂ ᠬᠡᠷᠡᠭᠦᠯ ᠤᠷᠤᠭᠤᠯ᠂ ᠬᠤᠳᠠᠯ ᠬᠠᠭᠤᠷᠮᠠᠭ᠂ ᠰᠢᠨᠤᠭ ᠵᠠᠯᠢᠬᠠᠢ᠂ ᠡᠷᠭᠢᠭᠦᠦ ᠮᠤᠩᠬᠠᠭ ᠲᠡᠷᠡ ᠮᠡᠲᠦ ᠠᠮᠢ ᠪᠠᠨ ᠪᠣᠳᠣᠭᠰᠠᠨ ᠪᠤᠷᠤᠭᠤ ᠦᠢᠯᠡ ᠨᠦ᠍ᠭᠦᠳ ᠶᠤᠮ᠃ ᠵᠥᠪ ᠢ᠋ᠶ᠋ᠡᠨ ᠲᠡᠳᠬᠦᠵᠦ᠂ ᠪᠤᠷᠤᠭᠤ ᠪᠠᠨ ᠳᠠᠷᠤᠪᠠᠰᠤ ᠬᠡᠢ ᠮᠣᠷᠢ ᠰᠡᠷᠭᠦᠵᠦ ᠠᠮᠢ ᠨᠠᠰᠤ ᠪᠠᠲᠤᠵᠢᠵᠤ᠂ ᠠᠮᠢᠳᠤᠷᠠᠯ ᠳᠡᠪᠵᠢᠬᠦ ᠨᠢ ᠪᠠᠲᠤᠲᠠᠢ ᠨᠤᠲᠠᠲᠠᠢ ᠪᠣᠯᠠᠢ᠃
ᠬᠥᠮᠦᠨ ᠪᠦᠬᠦᠨ ᠦ᠌ ᠬᠡᠢ ᠮᠣᠷᠢ ᠨᠢ ᠪᠠᠷᠰ᠂ ᠠᠷᠰᠯᠠᠨ᠂ ᠯᠤᠤ᠂ ᠬᠠᠨ ᠭᠠᠷᠤᠳᠢ ᠮᠡᠲᠦ ᠳᠡᠭᠡᠭᠰᠢ ᠳᠡᠭᠡᠭᠰᠢ ᠪᠠᠳᠠᠷᠠᠲᠤᠭᠠᠢ᠂ ᠰᠠᠨᠠᠭᠰᠠᠨ ᠰᠠᠢᠨ ᠦᠢᠯᠡᠰ ᠪᠦᠬᠦᠨ ᠨᠢ ᠰᠡᠳᠬᠢᠯᠴᠢᠯᠡᠨ ᠪᠦᠲᠦᠬᠦ ᠪᠣᠯᠲᠤᠭᠠᠢ! ᠪᠤᠶᠠᠨ ᠪᠣᠯᠲᠤᠭᠠᠢ!
ᠦᠰᠦᠭ ᠠᠮᠢᠯᠠᠭᠤᠯᠤᠭᠴᠢ᠄ ᠲᠣᠳᠣᠭᠡᠷᠡᠯ
ᠬᠢᠨᠠᠭᠴᠢ᠄ ᠣᠳᠬᠠᠨᠰᠣ᠎ᠡ ᠭᠠᠷᠮ᠎ᠠ
