ᠬᠤᠷᠠᠭᠠᠨ ᠤ᠋ ᠪᠥᠭᠡᠷ᠎ᠡХурганы бөөр

ᠬᠤᠷᠠᠭᠠᠨ ᠤ᠋ ᠪᠥᠭᠡᠷ᠎ᠡ
ᠲᠣᠰᠣᠨ ᠬᠠᠷᠭᠠᠢ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂ 25m ᠠ᠋ᠴᠠ ᠳᠡᠭᠡᠭᠰᠢ ᠥᠨᠳᠥᠷ ᠪᠣᠯᠳᠠᠭ᠃ ᠨᠠᠪᠴᠢ ᠨᠢ ᠬᠠᠲᠠᠭᠤ ᠪᠥᠭᠡᠳ ᠨᠠᠷᠢᠬᠠᠨ ᠬᠠᠪᠲᠠᠭᠠᠢ ᠲᠡᠪᠡᠨᠡ ᠬᠡᠯᠪᠡᠷᠢ ᠲᠡᠢ᠂ 1.2—2.5cm ᠤᠷᠲᠤ᠂ ᠵᠡᠭᠦᠦ ᠰᠢᠭ ᠦᠵᠦᠭᠦᠷ ᠲᠡᠢ᠂ ᠠᠷᠤ ᠶ᠋ᠢᠨ ᠭᠣᠣᠯ ᠰᠤᠳᠠᠯ ᠤ᠋ᠨ ᠬᠣᠶᠠᠷ ᠬᠠᠵᠠᠭᠤ ᠳ᠋ᠤ᠌ ᠬᠣᠶᠠᠷ ᠵᠤᠷᠪᠤᠰ ᠰᠢᠷᠠᠪᠲᠤᠷ ᠴᠠᠭᠠᠨ ᠥᠩᠭᠡᠲᠡᠢ ᠵᠢᠭᠠᠬᠠᠨ ᠬᠣᠲᠣᠭᠣᠷ ᠬᠡᠢ ᠶ᠋ᠢᠨ ᠠᠮᠠᠰᠠᠷ ᠤ᠋ᠨ ᠴᠤᠪᠤᠭ᠎ᠠ ᠪᠣᠢ᠃ ᠨᠠᠪᠴᠢ ᠨᠢ ᠤᠭ ᠤ᠋ᠨ ᠬᠡᠰᠡᠭ ᠢ᠋ᠶ᠋ᠡᠷ ᠢ᠋ᠶ᠋ᠡᠨ ᠮᠤᠷᠤᠢᠭᠠᠳ ᠮᠥᠴᠢᠷ ᠳᠡᠭᠡᠷ᠎ᠡ ᠪᠡᠨ ᠬᠣᠶᠠᠷ ᠮᠥᠷᠯᠡᠨ ᠤᠷᠭᠤᠳᠠᠭ᠃ ᠴᠡᠴᠡᠭ ᠨᠢ ᠭᠠᠭᠴᠠ ᠪᠡᠯᠭᠡ ᠲᠡᠢ ᠪᠥᠭᠡᠳ ᠣᠨᠳᠣᠣ ᠭᠡᠷ ᠲᠡᠢ᠂ ᠡᠷ᠎ᠡ ᠪᠠᠭ ᠴᠡᠴᠡᠭ ᠨᠢ ᠵᠤᠤᠪᠠᠩ᠂ ᠪᠠᠷᠢᠭᠤᠯ ᠲᠠᠢ᠂ ᠨᠠᠪᠴᠢᠨ ᠤ᠋ ᠥᠪᠥᠷ ᠲᠤ ᠭᠠᠭᠴᠠᠭᠠᠷ ᠤᠷᠭᠤᠨ᠎ᠠ᠂ ᠡᠮ᠎ᠡ ᠪᠠᠭ ᠴᠡᠴᠡᠭ ᠨᠢ ᠬᠣᠶᠠᠷ ᠬᠣᠶᠠᠷ ᠢ᠋ᠶ᠋ᠠᠷ ᠪᠣᠭᠣᠨᠢ ᠮᠥᠴᠢᠷ ᠳᠡᠭᠡᠷ᠎ᠡ ᠤᠷᠭᠤᠳᠠᠭ᠂ ᠲᠤᠰ ᠪᠦᠷᠢ ᠬᠣᠶᠠᠷ ᠬᠣᠣᠰ ᠪᠠᠭᠯᠠᠭᠴᠢ ᠲᠠᠢ᠃ ᠦᠷ᠎ᠡ ᠨᠢ ᠶᠠᠰᠤᠲᠤ ᠵᠢᠮᠢᠰ ᠰᠢᠭ᠂ ᠵᠤᠤᠪᠠᠩ ᠪᠤᠶᠤ ᠥᠨᠳᠡᠭᠡᠯᠵᠢᠨ᠂ ᠦᠷ᠎ᠡ ᠶ᠋ᠢᠨ ᠬᠠᠭᠤᠷᠮᠠᠭ ᠬᠠᠯᠢᠰᠤ ᠨᠢ ᠮᠢᠬᠠᠯᠢᠭ᠂ ᠪᠣᠯᠪᠠᠰᠤᠷᠠᠪᠠᠯ ᠪᠣᠷᠣᠪᠲᠤᠷ ᠤᠯᠠᠭᠠᠨ ᠥᠩᠭᠡᠲᠡᠢ ᠪᠣᠯᠳᠠᠭ᠂ ᠳᠣᠲᠣᠷ ᠬᠠᠯᠢᠰᠤ ᠬᠠᠲᠠᠭᠤ᠂ ᠴᠥᠮ᠎ᠡ ᠨᠢ ᠰᠢᠷᠠᠪᠲᠤᠷ ᠴᠠᠭᠠᠨ᠂ ᠲᠣᠰᠣᠷᠬᠠᠭ᠂ ᠠᠩᠬᠢᠯᠤᠮ᠎ᠠ᠃ ᠠᠭᠤᠯᠠ ᠶ᠋ᠢᠨ ᠠᠷᠤ ᠬᠠᠵᠠᠭᠤ ᠬᠢᠭᠡᠳ ᠠᠭᠤᠯᠠᠨ ᠤ᠋ ᠭᠣᠣ ᠵᠢᠯᠠᠭ᠎ᠠ ᠶ᠋ᠢᠨ ᠴᠢᠭᠢᠭᠲᠡᠢ ᠭᠠᠵᠠᠷ ᠲᠤ ᠤᠷᠭᠤᠨ᠎ᠠ᠃ ᠮᠠᠨ ᠤ᠋ ᠤᠯᠤᠰ ᠤ᠋ᠨ ᠵᠧᠵᠢᠶᠠᠩ᠂ ᠵᠢᠶᠠᠩᠰᠦ᠂ ᠠᠨᠾᠦ᠋ᠢ᠂ ᠹᠦᠵᠢᠶᠠᠨ᠂ ᠬᠤᠨᠠᠨ ᠵᠡᠷᠭᠡ ᠮᠣᠵᠢ ᠪᠠᠷ ᠤᠷᠭᠤᠳᠠᠭ᠃ ᠦᠷ᠎ᠡ ᠶ᠋ᠢᠨ ᠲᠣᠰᠣ ᠶ᠋ᠢ ᠨᠢ ᠢᠳᠡᠵᠦ ᠪᠣᠯᠤᠨ᠎ᠠ᠂ ᠪᠠᠰᠠ ᠲᠣᠰᠣᠯᠠᠭᠤᠷ ᠲᠣᠰᠣ ᠬᠢᠵᠦ ᠪᠣᠯᠳᠠᠭ᠃ ᠦᠷ᠎ᠡ ᠶ᠋ᠢ ᠨᠢ ᠬᠠᠭᠤᠷᠴᠤ ᠢᠳᠡᠨ᠎ᠡ᠃ ᠦᠷ᠎ᠡ ᠶ᠋ᠢᠨ ᠬᠠᠭᠤᠷᠮᠠᠭ ᠬᠠᠯᠢᠰᠤ ᠬᠢᠭᠡᠳ ᠨᠠᠪᠴᠢᠨ ᠳ᠋ᠤᠨᠢ ᠦᠨᠦᠷᠲᠦ ᠲᠣᠰᠣ ᠪᠣᠢ᠃ ᠮᠣᠳᠣᠨ ᠮᠠᠲ᠋ᠧᠷᠢᠶᠠᠯ ᠢ᠋ ᠨᠢ ᠣᠩᠭᠣᠴᠠ ᠬᠢᠬᠦ᠂ ᠬᠥᠭᠥᠷᠭᠡ ᠲᠠᠯᠪᠢᠬᠤ᠂ ᠭᠡᠷ ᠪᠠᠷᠢᠯᠭ᠎ᠠ ᠵᠡᠷᠭᠡ ᠳ᠋ᠦ᠍ ᠬᠡᠷᠡᠭᠯᠡᠳᠡᠭ᠃ ᠮᠥᠨ ᠴᠦ᠍ ᠮᠠᠰᠢ ᠰᠠᠢᠨ ᠦᠵᠡᠮᠵᠢ ᠶ᠋ᠢᠨ ᠮᠣᠳᠣ ᠶᠤᠮ᠃
ᠬᠢᠲᠠᠳ ᠨᠠᠷ᠎ᠡ᠄榧树
ᠠᠩᠭ᠌ᠯᠢ ᠨᠡᠷ᠎ᠡ ᠄ Torreya grandis Fort.et Lindl
ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
ᠬᠢᠨᠠᠭᠴᠢ᠄ ᠣᠳᠬᠠᠨᠰᠤ᠎ᠡ ᠲᠤᠶᠠᠭ᠎ᠠ
