ᠥᠯᠥᠭᠡᠢ ᠨᠤᠲᠤᠭ ᠦᠦᠰᠢᠨ- ᠵᠤᠯᠠ Өлгий нутаг үүшин-Зоол
ᠥᠯᠥᠭᠡᠢ ᠨᠤᠲᠤᠭ ᠦᠦᠰᠢᠨ
ᠦᠭᠡ᠂ ᠠᠶ᠎ᠠ᠄ ᠨᠠᠰᠤᠨ
ᠳᠠᠭᠤᠴᠢᠨ᠄ ᠵᠤᠯᠠ
ᠥᠨᠳᠥᠷ ᠰᠢᠷᠭᠠᠯ ᠮᠠᠩᠬᠠᠨ ᠳᠡᠭᠡᠷ᠎ᠡ ᠴᠢᠨᠢ
ᠲᠣᠭᠯᠠᠨ ᠪᠠᠢᠵᠤ ᠥᠰᠦᠭᠰᠡᠨ ᠶᠦᠮ ᠠ᠋
ᠥᠨᠢᠷ ᠲᠣᠷᠭᠠᠨ ᠪᠡᠯᠴᠢᠭᠡᠷ ᠳᠡᠭᠡᠷ᠎ᠡ ᠴᠢᠨᠢ
ᠲᠤᠭᠤᠯ ᠢ᠋ᠶ᠋ᠠᠨ ᠬᠠᠷᠢᠭᠤᠯᠵᠤ ᠪᠣᠢᠵᠢᠭᠰᠠᠨ ᠶᠤᠮ ᠠ᠋
ᠠ ᠬᠠ ᠬᠦ
ᠦᠷ᠎ᠡ ᠶ᠋ᠢᠨ ᠪᠦᠪᠡᠢ ᠠᠶᠠᠯᠠᠭᠤᠯᠵᠤ ᠪᠠᠢᠳᠠᠭ
ᠥᠯᠥᠭᠡᠢ ᠨᠤᠲᠤᠭ ᠦᠦᠰᠢᠨ ᠯᠡ ᠮᠢᠨᠢ
ᠡᠵᠢ ᠶ᠋ᠢᠨ ᠰᠦ ᠰᠢᠭ ᠴᠠᠭᠠᠨ ᠨᠠᠭᠤᠷ ᠲᠤ ᠴᠢᠨᠢ
ᠤᠮᠪᠠᠨ ᠪᠠᠢᠵᠤ ᠲᠣᠷᠨᠢᠭᠰᠠᠨ ᠶᠤᠮ ᠠ᠋
ᠠᠪᠤ ᠶ᠋ᠢᠨ ᠨᠢᠷᠤᠭᠤ ᠰᠢᠭ᠋ ᠲᠡᠨᠢᠭᠡᠷ ᠲᠠᠯ᠎ᠠ ᠪᠠᠷ ᠨᠢ
ᠤᠨᠠᠭ᠎ᠠ ᠳᠠᠭ᠎ᠠ ᠪᠠᠨ ᠲᠤᠢᠯᠠᠭᠤᠯᠤᠭᠰᠠᠨ
ᠠ ᠬᠠ ᠬᠦ
ᠥᠷᠭᠡᠨ ᠬᠠᠢᠷ᠎ᠠ ᠪᠠᠨ ᠢᠪᠡᠭᠡᠵᠦ ᠪᠠᠢᠳᠠᠭ
ᠥᠯᠥᠭᠡᠢ ᠨᠤᠲᠤᠭ ᠦᠦᠰᠢᠨ ᠯᠡ ᠮᠢᠨᠢ
ᠬᠠᠢᠷ᠎ᠠ ᠶ᠋ᠢ ᠲᠠᠲᠠᠭᠰᠠᠨ ᠡᠬᠡ ᠣᠷᠣᠨ ᠢ᠋ᠶ᠋ᠠᠨ
ᠦᠢᠯᠡᠰ ᠦ᠋ᠨ ᠰᠠᠢᠬᠠᠨ ᠢ᠋ᠶ᠋ᠠᠷ ᠴᠣᠭᠴᠠᠯᠠᠭᠰᠠᠨ
ᠬᠠᠨᠠᠭᠠᠷ ᠵᠢᠷᠭᠠᠯ ᠤ᠋ᠨ ᠴᠡᠴᠡᠭ ᠰᠣᠯᠣᠩᠭᠠᠷᠠᠭᠰᠠᠨ
ᠳᠠᠷᠬᠠᠨ ᠠᠮᠢᠳᠤᠷᠠᠯ ᠢ᠋ᠶ᠋ᠠᠨ ᠪᠠᠢᠭᠤᠯᠤᠨ᠎ᠠ
ᠠ ᠬᠠ ᠬᠦ
ᠦᠨᠡᠨ ᠬᠠᠢᠷ᠎ᠠ ᠪᠠᠨ ᠡᠷᠭᠦᠵᠦ ᠪᠠᠢᠳᠠᠭ
ᠥᠯᠥᠭᠡᠢ ᠨᠤᠲᠤᠭ ᠦᠦᠰᠢᠨ ᠯᠡ ᠮᠢᠨᠢ
ᠥᠯᠥᠭᠡᠢ ᠨᠤᠲᠤᠭ ᠦᠦᠰᠢᠨ ᠯᠡ ᠮᠢᠨᠢ
ᠦᠰᠦᠭ ᠠᠮᠢᠯᠠᠭᠤᠯᠤᠭᠴᠢ᠄ ᠣᠳᠬᠣᠨᠴᠡᠴᠡᠭ
ᠦᠰᠦᠭ ᠬᠠᠲᠠᠭᠴᠢ᠄ᠣᠳᠬᠣᠨᠴᠡᠴᠡᠭ
ᠬᠢᠨᠠᠭᠴᠢ᠄ ᠢᠷᠡᠭᠡᠳᠦᠢ
