ᠰᠢᠷ᠎ᠠ ᠲᠣᠰᠣᠨ ᠬᠠᠷᠭᠠᠢШар тосон харгай

ᠰᠢᠷ᠎ᠠ ᠲᠣᠰᠣᠨ ᠬᠠᠷᠭᠠᠢ
ᠲᠣᠰᠣᠨ ᠬᠠᠷᠭᠠᠢ ᠶ᠋ᠢᠨ ᠢᠵᠠᠭᠤᠷ
ᠮᠥᠩᠬᠡ ᠨᠣᠭᠣᠭᠠᠨ ᠲᠤᠷᠤᠭ ᠮᠣᠳᠣ᠂10—17m ᠥᠨᠳᠥᠷ᠂ ᠣᠯᠠᠪᠲᠤᠷ ᠬᠦᠷᠡᠩ ᠬᠤᠯᠳᠠᠰᠤ ᠲᠠᠢ᠃ ᠨᠢᠯᠬ᠎ᠠ ᠮᠥᠴᠢᠷ ᠨᠢ ᠭᠦᠨ ᠨᠣᠭᠣᠭᠠᠨ ᠪᠣᠯᠪᠠᠴᠤ ᠥᠲᠡᠯᠦᠭᠰᠡᠨ ᠮᠥᠴᠢᠷ ᠨᠢ ᠪᠦᠷ ᠣᠯᠠᠪᠲᠤᠷ ᠬᠦᠷᠡᠩ ᠪᠠᠢᠳᠠᠭ᠃ ᠨᠠᠪᠴᠢ ᠨᠢ ᠪᠦᠰᠡ ᠬᠡᠯᠪᠡᠷᠢ ᠲᠡᠢ᠂1.5—2.5cm ᠤᠷᠲᠤ᠂ ᠦᠵᠦᠭᠦᠷ ᠲᠡᠭᠡᠨ ᠱᠣᠪᠬᠣ᠂ ᠤᠭ ᠤ᠋ᠨ ᠬᠡᠰᠡᠭ ᠲᠡᠭᠡᠨ ᠨᠠᠷᠢᠰᠤᠭᠠᠳ ᠣᠬᠣᠷᠬᠠᠨ ᠪᠠᠷᠢᠭᠤᠯ ᠪᠣᠯᠪᠠ᠃ ᠨᠠᠪᠴᠢᠨ ᠤ᠋ ᠢᠯᠲᠠᠰᠤ ᠶ᠋ᠢᠨ ᠳᠡᠭᠡᠳᠦ ᠲᠠᠯ᠎ᠠ ᠨᠢ ᠭᠦᠨ ᠨᠣᠭᠣᠭᠠᠨ᠂ ᠠᠷᠤ ᠲᠠᠯ᠎ᠠ ᠨᠢ ᠰᠢᠷᠠᠪᠲᠤᠷ ᠨᠣᠭᠣᠭᠠᠨ᠂ ᠭᠣᠣᠯ ᠰᠤᠳᠠᠯ ᠨᠢ ᠭᠦᠷᠡᠭᠡᠷ᠂ ᠠᠷᠤ ᠲᠠᠯ᠎ᠠ ᠳ᠋ᠤᠨᠢ ᠮᠠᠰᠢ ᠥᠷᠭᠡᠨ ᠬᠣᠶᠠᠷ ᠵᠤᠷᠪᠤᠰ ᠰᠢᠷᠠᠪᠲᠤᠷ ᠨᠣᠭᠣᠭᠠᠨ ᠪᠤᠶᠤ ᠴᠠᠢᠪᠤᠷ ᠨᠣᠭᠣᠭᠠᠨ ᠬᠡᠢ ᠶ᠋ᠢᠨ ᠠᠮᠠᠰᠠᠷ ᠤ᠋ᠨ ᠴᠤᠪᠤᠭ᠎ᠠ ᠲᠠᠢ᠃ ᠨᠠᠪᠴᠢ ᠨᠢ ᠭᠣᠣᠯ ᠮᠥᠴᠢᠷ ᠳᠡᠭᠡᠷ᠎ᠡ ᠪᠡᠨ ᠱᠣᠷᠬᠠᠯᠠᠨ ᠪᠠᠢᠷᠢᠯᠠᠭᠰᠠᠨ ᠪᠣᠯᠪᠠᠴᠤ ᠬᠠᠵᠠᠭᠤ ᠶ᠋ᠢᠨ ᠮᠥᠴᠢᠷ ᠳᠡᠭᠡᠷ᠎ᠡ ᠪᠡᠨ ᠡᠮᠬᠢ ᠦᠭᠡᠢ ᠥᠲᠥᠨ ᠬᠡᠯᠪᠡᠷᠢ ᠲᠡᠢ ᠪᠡᠷ ᠪᠠᠢᠷᠢᠯᠠᠳᠠᠭ᠃ ᠴᠡᠴᠡᠭ ᠨᠢ ᠭᠠᠭᠴᠠ ᠪᠡᠯᠭᠡ ᠲᠡᠢ ᠪᠥᠭᠡᠳ ᠣᠨᠳᠣᠣ ᠭᠡᠷ ᠲᠡᠢ᠂ ᠪᠦᠷ ᠲᠦᠷᠦᠭᠦᠦ ᠵᠢᠯ ᠦ᠋ᠨ ᠮᠥᠴᠢᠷ ᠦ᠋ᠨ ᠨᠠᠪᠴᠢᠨ ᠤ᠋ ᠥᠪᠥᠷ ᠲᠤ ᠤᠷᠭᠤᠳᠠᠭ᠃ ᠦᠷ᠎ᠡ ᠨᠢ ᠬᠠᠲᠠᠭᠤ ᠵᠢᠮᠢᠰ ᠰᠢᠭ ᠪᠥᠭᠡᠳ ᠥᠨᠳᠡᠭᠡᠯᠵᠢᠨ᠂ ᠤᠯᠠᠪᠲᠤᠷ ᠬᠦᠷᠡᠩ ᠮᠥᠷᠲᠡᠭᠡᠨ ᠭᠢᠯᠲᠦᠭᠡᠨᠡᠮᠡ᠂ ᠪᠠᠰᠠ 3— 4ᠢᠷᠮᠡᠭ ᠲᠡᠢ᠂ ᠮᠢᠬᠠᠯᠢᠭ ᠤᠯᠠᠭᠠᠨ ᠬᠣᠭᠣᠷᠮᠠᠭ ᠦᠷ᠎ᠡ ᠶ᠋ᠢᠨ ᠬᠠᠯᠢᠰᠤ ᠲᠠᠢ᠂ ᠦᠷ᠎ᠡ ᠶ᠋ᠢᠨ ᠬᠦᠢᠰᠦ ᠨᠢ ᠭᠤᠷᠪᠠᠯᠵᠢᠨ ᠪᠤᠶᠤ ᠳᠥᠷᠪᠡᠯᠵᠢᠨ ᠪᠠᠢᠳᠠᠭ᠃
ᠤᠰᠤ ᠲᠣᠭᠲᠠᠬᠤ ᠦᠭᠡᠢ ᠥᠩ ᠰᠢᠮᠡᠯᠢᠭ ᠬᠥᠷᠥᠰᠥᠨ ᠳ᠋ᠦ᠍ ᠰᠠᠢᠨ ᠤᠷᠭᠤᠨ᠎ᠠ᠃ ᠠᠭᠤᠯᠠ ᠶ᠋ᠢᠨ ᠣᠷᠣᠢ ᠶ᠋ᠢᠨ ᠬᠠᠳᠠ ᠴᠢᠯᠠᠭᠤᠲᠤ ᠨᠢᠮᠭᠡᠨ ᠬᠥᠷᠥᠰᠥᠨ ᠳ᠋ᠦ᠍ ᠶᠡᠷᠦ ᠳ᠋ᠡᠭᠡᠨ ᠪᠤᠲᠠ ᠮᠣᠳᠣ ᠰᠢᠭ᠋ ᠤᠷᠭᠤᠳᠠᠭ᠃
ᠮᠠᠨ ᠤ᠋ ᠤᠯᠤᠰ ᠤ᠋ᠨ ᠬᠠᠷᠠᠮᠦ᠋ᠷᠡᠨ᠂ ᠬᠢᠷᠢᠨ ᠬᠢᠭᠡᠳ ᠯᠢᠶᠣᠤᠨᠢᠩ ᠵᠡᠷᠭᠡ ᠮᠣᠵᠢ ᠪᠠᠷ ᠤᠷᠭᠤᠳᠠᠭ᠃
ᠮᠣᠳᠣ ᠶ᠋ᠢ ᠨᠢ ᠰᠡᠢᠯᠦᠮᠡᠯ ᠪᠠ ᠬᠠᠷᠠᠨᠳᠠ ᠶ᠋ᠢᠨ ᠡᠰᠢᠨ ᠳ᠋ᠦ᠍ ᠬᠡᠷᠡᠭᠯᠡᠨ᠎ᠡ᠃ ᠦᠨᠳᠦᠰᠦ᠂ ᠡᠰᠢ᠂ ᠨᠠᠪᠴᠢᠨ ᠳ᠋ᠤᠨᠢ ᠳᠡᠭᠳᠡᠮᠡᠬᠡᠢ ᠲᠣᠰᠣ ᠲᠠᠢ᠃ ᠦᠷ᠎ᠡ ᠡᠴᠡ ᠨᠢ ᠲᠣᠰᠣ ᠠᠪᠴᠤ ᠪᠣᠯᠤᠨ᠎ᠠ᠃ ᠬᠠᠭᠤᠷᠮᠠᠭ ᠦᠷ᠎ᠡ ᠶ᠋ᠢᠨ ᠬᠠᠯᠢᠰᠤ ᠶ᠋ᠢ ᠨᠢ ᠢᠳᠡᠵᠦ ᠪᠣᠯᠤᠨ᠎ᠠ ᠨᠠᠪᠴᠢ᠂ ᠮᠥᠴᠢᠷ ᠨᠢ ᠡᠮ ᠳ᠋ᠦ᠍ ᠣᠷᠣᠨ᠎ᠠ᠃ ᠦᠵᠡᠮᠵᠢ ᠶ᠋ᠢᠨ ᠮᠣᠳᠣ᠃
ᠬᠢᠲᠠᠳ ᠨᠠᠷ᠎ᠡ᠄东北红豆杉
ᠠᠩᠭ᠌ᠯᠢ ᠨᠡᠷ᠎ᠡ ᠄ Taxuse chinensis Sieb.et Zucc
ᠦᠰᠦᠭ ᠠᠮᠢᠯᠠᠭᠤᠯᠤᠭᠴᠢ᠄ ᠳ ᠡᠷᠬᠢᠮᠪᠠᠭᠠᠲᠤᠷ
ᠬᠢᠨᠠᠭᠴᠢ᠄ ᠣ ᠰᠡᠴᠡᠨᠲᠦ
