ᠰᠢᠨ᠎ᠡ ᠥᠷᠯᠥᠭᠡ-ᠵᠠ᠊᠂ ᠳᠠᠰᠢᠳᠣᠨᠳᠣᠭШинэ өглөө-Жа,Дашдондог
ᠰᠢᠨ᠎ᠡ ᠥᠷᠯᠥᠭᠡ
ᠵᠠ᠊᠂ ᠳᠠᠰᠢᠳᠣᠨᠳᠣᠭ
ᠤᠶᠠᠩᠭᠠᠯᠠᠭᠴᠢ᠄ ᠠᠩᠬᠢᠯᠤᠮᠠᠴᠡᠴᠡᠭ
ᠦᠷ ᠦ᠋ᠨ ᠰᠢᠪᠠᠭᠤᠳ ᠤ᠋ᠨ ᠵᠢᠷᠭᠢᠭᠡ ᠰᠢᠨᠡᠬᠡᠨ
ᠡᠭᠦᠯᠡ ᠪᠡᠨ ᠠᠯᠳᠠᠭᠰᠠᠨ ᠲᠩᠷᠢ ᠰᠢᠨᠡᠬᠡᠨ
ᠦᠯᠢᠶᠡᠬᠦ ᠰᠠᠯᠬᠢᠨ ᠤ᠋ ᠠᠮᠢᠰᠬᠤᠭ᠎ᠠ ᠰᠢᠨᠡᠬᠡᠨ
ᠥᠷᠯᠥᠭᠡ ᠪᠣᠯᠭᠠᠨ ᠲᠠᠩᠳᠠ ᠰᠢᠨ᠎ᠡ
ᠰᠢᠨ᠎ᠡ ᠶ᠋ᠢ ᠬᠠᠢᠬᠤ ᠡᠷᠢᠯ ᠦ᠋ᠨ ᠥᠷᠯᠥᠭᠡ
ᠰᠢᠨ᠎ᠡ ᠶ᠋ᠢ ᠬᠢᠬᠦ ᠤᠷᠮ᠎ᠠ ᠶ᠋ᠢᠨ ᠥᠷᠯᠥᠭᠡ
ᠰᠢᠨ᠎ᠡ ᠶ᠋ᠢ ᠨᠡᠭᠡᠭᠡᠬᠦ ᠬᠦᠰᠡᠯ ᠦ᠋ᠨ ᠥᠷᠯᠥᠭᠡ
ᠰᠢᠨ᠎ᠡ ᠶ᠋ᠢ ᠠᠪᠴᠢᠷᠠᠬᠤ ᠡᠬᠢᠨ ᠦ᠌ ᠥᠷᠯᠥᠭᠡ
ᠨᠠᠷᠠᠨ ᠠ᠋ᠴᠠ ᠰᠠᠴᠤᠷᠠᠬᠤ ᠲᠤᠶᠠᠭ᠎ᠠ ᠰᠢᠨᠡᠬᠡᠨ
ᠨᠠᠪᠴᠢᠨ ᠳ᠋ᠤ᠌ ᠤᠨᠠᠭᠰᠠᠨ ᠰᠢᠭᠦᠳᠡᠷᠢ ᠰᠢᠨᠡᠬᠡᠨ
ᠨᠠᠢᠵᠠ ᠨᠥᠬᠥᠳ ᠦ᠋ᠨ ᠪᠣᠳᠣᠯ ᠰᠢᠨᠡᠬᠡᠨ
ᠨᠠᠮᠤᠭᠤᠨ ᠥᠷᠯᠥᠭᠡ ᠲᠠᠩᠳᠠ ᠰᠢᠨ᠎ᠡ
ᠰᠢᠨ᠎ᠡ ᠶ᠋ᠢ ᠬᠠᠢᠬᠤ ᠡᠷᠢᠯ ᠦ᠋ᠨ ᠥᠷᠯᠥᠭᠡ
ᠰᠢᠨ᠎ᠡ ᠶ᠋ᠢ ᠬᠢᠬᠦ ᠤᠷᠮ᠎ᠠ ᠶ᠋ᠢᠨ ᠥᠷᠯᠥᠭᠡ
ᠰᠢᠨ᠎ᠡ ᠶ᠋ᠢ ᠨᠡᠭᠡᠭᠡᠬᠦ ᠬᠦᠰᠡᠯ ᠦ᠋ᠨ ᠥᠷᠯᠥᠭᠡ
ᠰᠢᠨ᠎ᠡ ᠶ᠋ᠢ ᠠᠪᠴᠢᠷᠠᠬᠤ ᠡᠬᠢᠨ ᠦ᠌ ᠥᠷᠯᠥᠭᠡ
ᠤᠩᠰᠢᠬᠤ ᠨᠣᠮ ᠤ᠋ᠨ ᠬᠠᠭᠤᠳᠠᠰᠤ ᠰᠢᠨᠡᠬᠡᠨ
ᠤᠶᠠᠩᠭᠠᠲᠤ ᠳᠠᠭᠤᠤ ᠶ᠋ᠢᠨ ᠠᠶᠠᠯᠭᠤ ᠰᠢᠨᠡᠬᠡᠨ
ᠪᠠᠭᠠᠴᠤᠳ ᠪᠢᠳᠡᠨ ᠦ᠌ ᠶᠠᠷᠢᠶ᠎ᠠ ᠰᠢᠨᠡᠬᠡᠨ
ᠪᠠᠶᠠᠷᠲᠤ ᠥᠷᠯᠥᠭᠡ ᠲᠠᠩᠳᠠ ᠰᠢᠨ᠎ᠡ
ᠰᠢᠨ᠎ᠡ ᠶ᠋ᠢ ᠬᠠᠢᠬᠤ ᠡᠷᠢᠯ ᠦ᠋ᠨ ᠥᠷᠯᠥᠭᠡ
ᠰᠢᠨ᠎ᠡ ᠶ᠋ᠢ ᠬᠢᠬᠦ ᠤᠷᠮ᠎ᠠ ᠶ᠋ᠢᠨ ᠥᠷᠯᠥᠭᠡ
ᠰᠢᠨ᠎ᠡ ᠶ᠋ᠢ ᠨᠡᠭᠡᠭᠡᠬᠦ ᠬᠦᠰᠡᠯ ᠦ᠋ᠨ ᠥᠷᠯᠥᠭᠡ
ᠰᠢᠨ᠎ᠡ ᠶ᠋ᠢ ᠠᠪᠴᠢᠷᠠᠬᠤ ᠡᠬᠢᠨ ᠦ᠌ ᠥᠷᠯᠥᠭᠡ
