ᠠᠷᠠᠳ ᠤ᠋ᠨ ᠴᠡᠭᠡᠷ ᠶᠣᠰᠣᠨАрдын цэхэр ёсон ᠵᠠᠩ ᠦᠢᠯᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠷᠠᠳ ᠤ᠋ᠨ ᠴᠡᠭᠡᠷ ᠶᠣᠰᠣᠨАрдын цэхэр ёсон

ᠠᠷᠠᠳ ᠤ᠋ᠨ ᠴᠡᠭᠡᠷ ᠶᠣᠰᠣᠨАрдын цэхэр ёсон

ᠠᠩᠭᠢᠯᠠᠯ:ᠵᠠᠩ ᠦᠢᠯᠡ
2024-03-05

691

ᠠᠷᠠᠳ ᠤ᠋ᠨ ᠴᠡᠭᠡᠷ ᠶᠣᠰᠣᠨ

ᠠᠪᠤ ᠶ᠋ᠢᠨ ᠪᠣᠢ ᠳ᠋ᠤ᠌ ᠰᠠᠬᠠᠯ ᠲᠠᠯᠪᠢᠳᠠᠭ ᠦᠭᠡᠢ 
ᠠᠬᠠᠳᠠ ᠶ᠋ᠢᠨ ᠳᠡᠯ ᠳ᠋ᠦ᠍ ᠬᠢᠲᠤᠭ᠎ᠠ ᠬᠦᠷᠭᠡᠳᠡᠭ ᠦᠭᠡᠢ 
ᠠᠯᠤᠰ ᠤ᠋ᠨ ᠵᠠᠮ ᠳ᠋ᠤ᠌ ᠴᠠᠭ ᠲᠣᠭᠠᠯᠠᠳᠠᠭ ᠦᠭᠡᠢ 
ᠠᠮᠠᠷᠠᠭ ᠤ᠋ᠨ ᠶᠠᠪᠤᠳᠠᠯ ᠳ᠋ᠤ᠌ ᠬᠥᠨᠳᠡᠯᠡᠨ ᠡᠴᠡ ᠣᠷᠣᠳᠠᠭ ᠦᠭᠡᠢ 
ᠪᠤᠭᠤᠷᠤᠯ ᠡᠪᠦᠭᠡᠳ ᠦ᠋ᠨ ᠳᠡᠭᠡᠷ᠎ᠡ ᠰᠠᠭᠤᠳᠠᠭ ᠦᠭᠡᠢ 
ᠪᠤᠰᠤᠳ ᠤ᠋ᠨ ᠬᠡᠷᠡᠭ ᠢ᠋ ᠭᠠᠭᠴᠠᠭᠠᠷ ᠰᠢᠭᠦᠳᠡᠭ ᠦᠭᠡᠢ 
ᠪᠤᠴᠠᠬᠤ ᠰᠢᠪᠠᠭᠤᠳ ᠤ᠋ᠨ ᠴᠤᠪᠤᠭ᠎ᠠ ᠶ᠋ᠢ ᠲᠣᠭᠠᠯᠠᠳᠠᠭ ᠦᠭᠡᠢ 
ᠪᠤᠷᠬᠠᠨ ᠤ᠋ ᠳᠡᠷᠭᠡᠳᠡ ᠬᠠᠷᠢᠶᠠᠯ ᠬᠡᠯᠡᠳᠡᠭ ᠦᠭᠡᠢ 
ᠶᠡᠬᠡᠳᠦᠭᠰᠡᠨ ᠵᠣᠪᠠᠯᠠᠩ ᠳ᠋ᠤ᠌ ᠣᠷᠣᠨ ᠳ᠋ᠤ᠌ ᠪᠠᠨ ᠤᠬᠢᠯᠠᠳᠠᠭ ᠦᠭᠡᠢ 
ᠢᠯᠡᠭᠦᠳᠡᠭᠰᠡᠨ ᠵᠢᠷᠭᠠᠯ ᠳ᠋ᠤ᠌ ᠣᠷᠣᠨ ᠳ᠋ᠤ᠌ ᠪᠠᠨ ᠳᠠᠭᠤᠯᠠᠳᠠᠭ ᠦᠭᠡᠢ 
ᠢᠳᠡᠭᠰᠡᠨ ᠬᠣᠭᠣᠯᠠ ᠪᠠᠨ ᠳᠤᠲᠠᠭᠤ ᠣᠷᠬᠢᠳᠠᠭ ᠦᠭᠡᠢ
ᠢᠷ ᠲᠡᠢ ᠲᠠᠯ᠎ᠠ ᠪᠠᠷ ᠬᠢᠲᠤᠭ᠎ᠠ ᠳᠠᠮᠵᠢᠭᠤᠯᠳᠠᠭ ᠦᠭᠡᠢ
ᠮᠠᠨᠢ ᠶ᠋ᠢᠨ ᠠᠵᠢᠯ ᠳ᠋ᠤ᠌ ᠮᠠᠯᠠᠭᠠᠢ ᠲᠠᠯᠪᠢᠳᠠᠭ ᠦᠭᠡᠢ
ᠮᠠᠯ ᠤ᠋ᠨ ᠪᠡᠯᠴᠢᠭᠡᠷ ᠲᠤ ᠪᠣᠭᠣᠮᠢ ᠬᠢᠳᠡᠭ ᠦᠭᠡᠢ
ᠮᠢᠬᠠᠨ ᠤ᠋ ᠬᠣᠯᠢᠴᠠ ᠳ᠋ᠤ᠌ ᠰᠦ ᠣᠷᠣᠳᠠᠭ ᠦᠭᠡᠢ
ᠮᠠᠨᠳᠤᠬᠤ ᠨᠠᠷᠠᠨ ᠳ᠋ᠤ᠌ ᠤᠰᠤ ᠡᠷᠭᠦᠳᠡᠭ ᠦᠭᠡᠢ
ᠨᠠᠭᠠᠴᠤ ᠶ᠋ᠢᠨ ᠳᠡᠷᠭᠡᠳᠡ ᠳᠠᠯᠤ ᠪᠠᠷᠢᠳᠠᠭ ᠦᠭᠡᠢ
ᠨᠠᠰᠤᠲᠠᠨ ᠤ᠋ ᠳᠡᠷᠭᠡᠳᠡ ᠰᠠᠷᠬᠤᠳ ᠬᠦᠷᠲᠡᠳᠡᠭ ᠦᠭᠡᠢ
ᠨᠠᠢᠷ ᠤ᠋ᠨ ᠬᠣᠢᠮᠣᠷ ᠲᠤ ᠡᠩᠭᠡᠷ ᠵᠠᠳᠠᠭᠠᠢᠯᠠᠳᠠᠭ ᠦᠭᠡᠢ
ᠨᠠᠭᠠᠳᠤᠮ ᠤ᠋ᠨ ᠳᠠᠪᠠᠭᠠᠨ ᠳ᠋ᠤ᠌ ᠲᠣᠭᠠᠴᠠᠭ᠎ᠠ ᠶᠠᠷᠢᠳᠠᠭ ᠦᠭᠡᠢ
ᠴᠠᠢ ᠶ᠋ᠢᠨ ᠰᠢᠭᠠᠷᠤ ᠶ᠋ᠢ ᠭᠠᠯ ᠳ᠋ᠤ᠌ ᠬᠢᠳᠡᠭ ᠦᠭᠡᠢ
ᠴᠠᠭᠠᠨ ᠢᠳᠡᠭᠡᠨ ᠳ᠋ᠦ᠍ ᠴᠢᠰᠤ ᠬᠣᠯᠢᠳᠠᠭ ᠦᠭᠡᠢ
ᠰᠠᠴᠤᠯᠢ ᠶ᠋ᠢᠨ ᠢᠳᠡᠭᠡ ᠶ᠋ᠢ ᠳᠣᠭᠣᠭᠰᠢ ᠡᠷᠭᠦᠳᠡᠭ ᠦᠭᠡᠢ
ᠴᠠᠭ ᠭᠣᠣᠯᠯᠠᠬᠤ ᠳ᠋ᠤ᠌ ᠵᠠᠮ ᠳ᠋ᠤ᠌ ᠭᠠᠷᠳᠠᠭ ᠦᠭᠡᠢ
ᠠᠷᠠᠳ ᠤ᠋ᠨ ᠰᠠᠢᠬᠠᠨ ᠰᠤᠷᠭᠠᠯ ᠮᠢᠨᠢ
ᠠᠶᠠᠯᠭᠤ ᠲᠡᠭᠦᠰ ᠬᠥᠭᠵᠢᠮ ᠶᠦᠮ
ᠠᠰᠢᠳᠠ ᠶ᠋ᠢᠨ ᠰᠠᠢᠬᠠᠨ ᠢᠷᠦᠭᠡᠯ ᠨᠢ
ᠠᠮᠠᠨ ᠳ᠋ᠤ᠌ ᠪᠠᠨ ᠤᠩᠰᠢᠬᠤ ᠲᠠᠷᠨᠢ ᠶᠤᠮ
ᠲᠠ ᠪᠦᠬᠦᠨ ᠮᠢᠨᠢ ᠰᠠᠷ᠎ᠠ ᠰᠢᠨ᠎ᠡ ᠳ᠋ᠦ᠍ ᠪᠡᠨ ᠰᠠᠢᠬᠠᠨ ᠰᠢᠨᠡᠯᠡᠭᠡᠷᠡᠢ

   ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
   ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ
   ᠬᠢᠨᠠᠭᠴᠢ ᠪᠠᠭᠰᠢ᠄ ᠭᠠᠷᠮ᠎ᠠ