ᠮᠠᠨ ᠤ᠋ ᠭᠣᠪᠢ ᠪᠠᠷ ᠵᠣᠴᠢᠯᠠᠨ ᠣᠴᠢᠭᠠᠷᠠᠢМанай говиор зочлон очоорой ᠬᠡᠦᠬᠡᠳ ᠦ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨ ᠤ᠋ ᠭᠣᠪᠢ ᠪᠠᠷ ᠵᠣᠴᠢᠯᠠᠨ ᠣᠴᠢᠭᠠᠷᠠᠢМанай говиор зочлон очоорой

ᠮᠠᠨ ᠤ᠋ ᠭᠣᠪᠢ ᠪᠠᠷ ᠵᠣᠴᠢᠯᠠᠨ ᠣᠴᠢᠭᠠᠷᠠᠢМанай говиор зочлон очоорой

2024-03-04

969

ᠮᠠᠨ ᠤ᠋ ᠭᠣᠪᠢ ᠪᠠᠷ ᠵᠣᠴᠢᠯᠠᠨ ᠣᠴᠢᠭᠠᠷᠠᠢ

ᠦᠢ ᠲᠦᠮᠡᠨ ᠰᠦᠷᠦᠭ ᠦ᠋ᠨ ᠳᠠᠯᠠᠢ 
ᠦᠯᠢᠭᠡᠷ ᠦ᠋ᠨ ᠭᠣᠪᠢ ᠪᠠᠷ ᠵᠣᠴᠢᠯᠠᠨ ᠣᠴᠢᠭᠠᠷᠠᠢ 
ᠦᠯᠢᠭᠡᠷ ᠦ᠋ᠨ ᠭᠣᠪᠢ ᠪᠠᠷ ᠵᠣᠴᠢᠯᠠᠨ ᠣᠴᠢᠬᠤ ᠳ᠋ᠤ᠌ ᠪᠠᠨ 
ᠦᠦᠷ ᠦ᠋ᠨ ᠴᠣᠯᠮᠣᠨ ᠬᠣᠲᠠ ᠳ᠋ᠤ᠌ ᠨᠢ ᠰᠠᠭᠠᠳᠠᠭᠠᠷᠠᠢ 
ᠮᠠᠨᠠᠨ ᠲᠠᠢ ᠴᠡᠩᠬᠡᠷ ᠲᠠᠯ᠎ᠠ ᠶ᠋ᠢᠨ ᠲᠡᠷᠲᠡᠭᠡ 
ᠮᠠᠨ ᠤ᠋ ᠭᠣᠪᠢ ᠪᠠᠷ ᠵᠣᠴᠢᠯᠠᠨ ᠣᠴᠢᠭᠠᠷᠠᠢ 
ᠮᠠᠨ ᠤ᠋ ᠭᠣᠪᠢ ᠪᠠᠷ ᠵᠣᠴᠢᠯᠠᠨ ᠣᠴᠢᠬᠤ ᠳ᠋ᠤ᠌ ᠪᠠᠨ 
ᠮᠠᠯᠴᠢᠨ ᠤ᠋ ᠥᠷᠥᠭᠡᠨ ᠳ᠋ᠦ᠍ ᠰᠠᠭᠠᠳᠠᠨ ᠮᠣᠷᠢᠯᠠᠭᠠᠷᠠᠢ 
ᠴᠡᠪᠡᠷᠬᠡᠨ ᠪᠠᠷᠢᠯᠭ᠎ᠠ ᠨᠤᠭᠤᠳ ᠡᠩᠨᠡᠭᠡ ᠲᠡᠯᠡᠭᠡᠳ 
ᠴᠡᠴᠡᠭ ᠠᠳᠠᠯᠢ ᠠᠯᠠᠭᠯᠠᠨ ᠪᠠᠢᠭ᠎ᠠ ᠳᠠ 
ᠴᠡᠩᠬᠡᠷ ᠲᠤᠤᠯᠢ ᠶ᠋ᠢᠨ ᠵᠤᠯᠵᠠᠭᠠᠨ ᠪᠤᠷᠭᠠᠰᠤ ᠨᠢ 
ᠴᠡᠴᠡᠷᠯᠢᠭ ᠳᠤᠮᠳᠠ ᠨᠢ ᠤᠷᠭᠤᠭᠰᠠᠨ ᠪᠠᠢᠭ᠎ᠠ ᠳᠠ 
ᠬᠥᠮᠦᠨ ᠵᠤᠨ ᠨᠢ ᠮᠡᠨᠳᠦᠯᠡᠨ ᠵᠣᠯᠭᠠᠭᠠᠳ 
ᠬᠦᠰᠡᠯ ᠵᠣᠷᠢᠯᠭ᠎ᠠ ᠪᠠᠨ ᠶᠠᠷᠢᠭᠠᠳ ᠤᠴᠠᠷᠠᠨ᠎ᠠ ᠳᠠ
ᠮᠣᠷᠢᠨ ᠬᠤᠭᠤᠷ ᠢ᠋ᠶ᠋ᠠᠨ ᠬᠥᠭᠯᠡᠵᠦ ᠪᠠᠷᠢᠭᠠᠳ
ᠮᠣᠩᠭᠣᠯ ᠳᠣᠮᠣᠭ ᠢ᠋ᠶ᠋ᠠᠨ ᠤᠷᠤᠰᠬᠠᠭᠠᠳ ᠭᠠᠷᠤᠨ᠎ᠠ ᠳᠠ

ᠤᠷᠠᠨ ᠴᠠᠭᠠᠨ ᠥᠷᠥᠭᠡ ᠭᠡᠷ ᠦ᠋ᠨ ᠢ᠋ᠶ᠋ᠡᠨ
ᠤᠭᠠᠯᠵᠠ ᠲᠠᠢ ᠡᠷᠢᠶᠡᠨ ᠬᠠᠭᠠᠯᠭ᠎ᠠ ᠪᠠᠨ ᠨᠡᠭᠡᠭᠡᠭᠡᠳ
ᠨᠠᠷᠠᠨ ᠦᠳᠡᠯᠡᠬᠦ ᠴᠡᠯᠡᠭᠡᠷ ᠬᠣᠢᠮᠣᠷ ᠲᠠᠭᠠᠨ
ᠨᠠᠢᠷᠠᠳᠠᠢ ᠡᠵᠡᠨ ᠨᠢ ᠲᠠᠨ ᠢ᠋ ᠴᠡᠢᠯᠡᠨ᠎ᠡ ᠳᠠ
ᠢᠩᠭᠡᠨ ᠰᠦ ᠲᠡᠢ ᠬᠣᠩᠭᠣᠷ ᠴᠠᠢ ᠪᠠᠨ
ᠮᠥᠩᠭᠥᠨ ᠠᠶᠠᠭᠠᠨ ᠳ᠋ᠤ᠌ ᠳᠦᠭᠦᠷᠭᠡᠨ ᠪᠠᠷᠢᠭᠠᠳ
ᠲᠡᠯᠮᠢᠶᠠᠨ ᠬᠥᠭᠡᠷᠦᠬᠦᠨ ᠬᠠᠷᠠᠴᠠ ᠪᠠᠷ ᠢ᠋ᠶ᠋ᠠᠨ ᠮᠢᠰᠢᠶᠡᠭᠰᠡᠨ
ᠭᠠᠯ ᠤ᠋ᠨ ᠪᠦᠰᠡᠭᠦᠢ ᠲᠠᠨ ᠢ᠋ ᠴᠡᠢᠯᠡᠨ᠎ᠡ ᠳᠠ
ᠦᠢ ᠲᠦᠮᠡᠨ ᠰᠦᠷᠦᠭ ᠦ᠋ᠨ ᠳᠠᠯᠠᠢ
ᠦᠯᠢᠭᠡᠷ ᠦ᠋ᠨ ᠭᠣᠪᠢ ᠪᠠᠷ ᠵᠣᠴᠢᠯᠠᠨ ᠣᠴᠢᠭᠠᠷᠠᠢ
ᠦᠯᠢᠭᠡᠷ ᠦ᠋ᠨ ᠭᠣᠪᠢ ᠪᠠᠷ ᠵᠣᠴᠢᠯᠠᠨ ᠣᠴᠢᠬᠤ ᠳ᠋ᠤ᠌ ᠪᠠᠨ
ᠦᠦᠷ ᠦ᠋ᠨ ᠴᠣᠯᠮᠣᠨ ᠬᠣᠲᠠ ᠳ᠋ᠤ᠌ ᠨᠢ ᠰᠠᠭᠠᠳᠠᠭᠠᠷᠠᠢ
ᠮᠠᠨᠠᠨ ᠲᠠᠢ ᠴᠡᠩᠬᠡᠷ ᠲᠠᠯ᠎ᠠ ᠶ᠋ᠢᠨ ᠲᠡᠷᠲᠡᠭᠡ
ᠮᠠᠨ ᠤ᠋ ᠭᠣᠪᠢ ᠪᠠᠷ ᠵᠣᠴᠢᠯᠠᠨ ᠣᠴᠢᠭᠠᠷᠠᠢ
ᠮᠠᠨ ᠤ᠋ ᠭᠣᠪᠢ ᠪᠠᠷ ᠵᠣᠴᠢᠯᠠᠨ ᠣᠴᠢᠬᠤ ᠳ᠋ᠤ᠌ ᠪᠠᠨ
ᠮᠠᠯᠴᠢᠨ ᠤ᠋ ᠥᠷᠥᠭᠡᠨ ᠳ᠋ᠦ᠍ ᠰᠠᠭᠠᠳᠠᠨ ᠮᠣᠷᠢᠯᠠᠭᠠᠷᠠᠢ

   ᠦᠰᠦᠭ ᠠᠮᠢᠯᠠᠭᠤᠯᠤᠭᠰᠠᠨ ᠨᠢ᠄ ᠣᠳᠣᠨᠭᠡᠷᠡᠯ
   ᠦᠰᠦᠭ ᠬᠠᠲᠠᠭᠰᠠᠨ ᠨᠢ᠄ ᠮᠣᠳᠣᠲᠤ ᠬᠠᠪᠤᠷᠵᠢᠶ᠎ᠠ᠂ ᠰ᠊ ᠳᠣᠷᠣᠨ᠎ᠠ
   ᠬᠢᠨᠠᠭᠴᠢ ᠪᠠᠭᠰᠢ᠄ ᠭᠠᠷᠮ᠎ᠠ᠂ ᠰ᠊ ᠳᠣᠷᠣᠨ᠎ᠠ ᠨᠠᠷ