ᠣᠣᠪᠠ ᠶ᠋ᠢᠨ ᠬᠠᠩᠭᠠᠢ- ᠪᠤᠤ ᠶᠢᠨ ᠲᠢᠩУувын хангай-буу ин дин ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠣᠪᠠ ᠶ᠋ᠢᠨ ᠬᠠᠩᠭᠠᠢ- ᠪᠤᠤ ᠶᠢᠨ ᠲᠢᠩУувын хангай-буу ин дин

ᠣᠣᠪᠠ ᠶ᠋ᠢᠨ ᠬᠠᠩᠭᠠᠢ- ᠪᠤᠤ ᠶᠢᠨ ᠲᠢᠩУувын хангай-буу ин дин

ᠠᠩᠭᠢᠯᠠᠯ:ᠳᠠᠭᠤᠤ ᠬᠥᠭᠵᠢᠮ
2024-03-04

367

ᠣᠣᠪᠠ ᠶ᠋ᠢᠨ ᠬᠠᠩᠭᠠᠢ

   ᠦᠭᠡ᠄ ᠣᠶᠤᠨᠪᠢᠯᠢᠭ᠌ 
   ᠠᠶ᠎ᠠ᠄ ᠴᠠᠩ ᠪᠤᠤ 
   ᠳᠠᠭᠤᠴᠢᠨ᠄ ᠪᠤᠤ ᠶᠢᠨ ᠲᠢᠩ 
ᠬᠢᠩᠭᠠᠨ ᠳᠠᠪᠠᠭᠠᠨ ᠤ᠋ ᠳᠣᠮᠣᠭᠲᠤ ᠬᠠᠩᠭᠠᠢ 
ᠬᠠᠲᠠᠷᠢᠶ᠎ᠠ ᠵᠢᠷᠣᠭ᠎ᠠ ᠰᠤᠮᠤᠨ ᠬᠠᠩᠭᠠᠢ 
ᠬᠠᠪᠤᠲᠤ ᠬᠠᠰᠠᠷ ᠤ᠋ᠨ ᠲᠠᠮᠠᠭᠠᠲᠤ ᠬᠠᠩᠭᠠᠢ 
ᠬᠠᠯᠢᠮ᠎ᠠ ᠨᠢᠰᠦᠮ᠎ᠡ ᠬᠤᠷᠳᠤᠨ ᠬᠠᠩᠭᠠᠢ 

ᠠᠷᠪᠠᠨ ᠬᠤᠰᠢᠭᠤᠨ ᠤ᠋ ᠴᠢᠮᠡᠭ ᠨᠢ ᠬᠠᠩᠭᠠᠢ 
ᠠᠷᠤ ᠥᠪᠥᠷ ᠲᠦ᠍ ᠪᠡᠨ ᠠᠯᠳᠠᠷ ᠨᠢ ᠬᠠᠩᠭᠠᠢ 
ᠮᠣᠩᠭᠣᠯ ᠠᠳᠤᠭᠤᠨ ᠤ᠋ ᠮᠠᠩᠨᠠᠢ ᠨᠢ ᠬᠠᠩᠭᠠᠢ 
ᠮᠠᠨᠵᠤ ᠶ᠋ᠢᠨ ᠬᠠᠭᠠᠨ ᠤ᠋ ᠡᠪ ᠨᠢ ᠬᠠᠩᠭᠠᠢ ᠠ···· ᠬᠠ····   ᠬᠦ 
ᠬᠣᠷᠴᠢᠨ ᠤ᠋ ᠬᠠᠩᠭᠠᠢ 
ᠬᠣᠩ ᠲᠠᠢᠵᠢ ᠣᠣᠪᠠ ᠶ᠋ᠢᠨ ᠬᠠᠩᠭᠠᠢ 

ᠬᠤᠯᠠᠨ ᠳᠠᠬᠢ ᠶ᠋ᠢᠨ ᠬᠤᠪᠢᠯᠭᠠᠨ ᠬᠠᠩᠭᠠᠢ
ᠬᠣᠷᠴᠢᠨ ᠠᠪᠠᠭ᠎ᠠ ᠶ᠋ᠢᠨ ᠵᠢᠷᠦᠬᠡ ᠨᠢ ᠬᠠᠩᠭᠠᠢ
ᠬᠤᠲᠤᠭᠲᠤ ᠬᠠᠭᠠᠨ ᠤ᠋ ᠬᠦᠯᠦᠭ ᠨᠢ ᠬᠠᠩᠭᠠᠢ
ᠬᠣᠲᠠᠯᠠ ᠮᠣᠩᠭᠣᠯ ᠤ᠋ᠨ ᠡᠪ ᠨᠢ ᠬᠠᠩᠭᠠᠢ
ᠠ···· ᠬᠠ···· ᠬᠦ
ᠬᠣᠷᠴᠢᠨ ᠤ᠋ ᠬᠠᠩᠭᠠᠢ
ᠬᠣᠩ ᠲᠠᠢᠵᠢ ᠶ᠋ᠢᠨ ᠣᠣᠪᠠ ᠶ᠋ᠢᠨ ᠬᠠᠩᠭᠠᠢ
ᠠ···· ᠬᠠ···· ᠬᠦ
ᠬᠣᠷᠴᠢᠨ ᠤ᠋ ᠬᠠᠩᠭᠠᠢ
ᠬᠣᠩ ᠲᠠᠢᠵᠢ ᠣᠣᠪᠠ ᠶ᠋ᠢᠨ ᠬᠠᠩᠭᠠᠢ 
ᠬᠣᠩ ᠲᠠᠢᠵᠢ ᠣᠣᠪᠠ ᠶ᠋ᠢᠨ ᠬᠠᠩᠭᠠᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠲᠠᠭᠴᠢ᠄ ᠰᠣᠳᠣ
   ᠬᠢᠨᠠᠭᠴᠢ᠄ ᠣᠳᠬᠠᠨᠰᠣ᠎ᠠ