ᠲᠩᠷᠢ ᠮᠣᠩᠭᠣᠯ ᠭᠠᠵᠠᠷ- ᠮᠠᠳᠠᠢТэнгэр монгол газар-Мадай
ᠲᠩᠷᠢ ᠮᠣᠩᠭᠣᠯ ᠭᠠᠵᠠᠷ
ᠦᠭᠡ᠄ ᠡᠵᠡᠨ ᠬᠠᠭᠠᠨ ᠤ᠋ ᠠᠢᠯᠠᠳᠬᠠᠯ
ᠠᠶ᠎ᠠ᠄ ᠤᠺᠢ
ᠳᠠᠭᠤᠴᠢᠨ᠄ ᠬᠠᠷ᠎ᠠ ᠰᠠᠷᠠᠨᠠᠢ ᠬᠠᠮᠲᠤᠯᠢᠭ ᠤ᠋ᠨ ᠮᠠᠳᠠᠢ
ᠮᠥᠩᠬᠡ ᠬᠥᠬᠡ ᠲᠩᠷᠢ ᠶ᠋ᠢ ᠰᠠᠨᠠᠭᠤᠯᠬᠤ ᠭᠡᠵᠦ
ᠮᠠᠷᠲᠠᠭᠳᠠᠭᠰᠠᠨ ᠲᠡᠦᠬᠡ ᠪᠡᠨ ᠰᠡᠷᠭᠦᠭᠡᠬᠦ ᠭᠡᠵᠦ
ᠮᠠᠷᠭᠠᠰᠢ ᠶ᠋ᠢᠨ ᠨᠠᠷᠠ ᠶ᠋ᠢ ᠬᠠᠷᠠᠭᠤᠯᠬᠤ ᠭᠡᠵᠦ
ᠳᠡᠯᠡᠬᠡᠢ ᠡᠵᠢ ᠪᠡᠨ ᠬᠠᠮᠠᠭᠠᠯᠠᠬᠤ ᠭᠡᠵᠦ
ᠲᠠᠪᠠᠷᠠᠭᠰᠠᠨ ᠪᠦᠬᠦᠨ ᠢ᠋ ᠳᠠᠷᠤᠬᠤ ᠭᠡᠵᠦ
ᠳᠠᠢᠴᠢᠨ ᠤᠳᠤᠮ ᠢ᠋ᠶ᠋ᠠᠨ ᠪᠤᠰᠬᠠᠬᠤ ᠭᠡᠵᠦ
ᠠᠷᠭ᠎ᠠ ᠪᠢᠯᠢᠭ ᠢ᠋ ᠣᠢᠯᠠᠭᠠᠭᠤᠯᠬᠤ ᠭᠡᠵᠦ
ᠠᠯᠲᠠᠨ ᠤᠷᠤᠭ ᠢ᠋ᠶ᠋ᠠᠨ ᠮᠡᠳᠡᠭᠦᠯᠬᠦ ᠭᠡᠵᠦ
ᠲᠩᠷᠢ ᠲᠩᠷᠢ ᠲᠩᠷᠢ
ᠮᠣᠩᠭᠣᠯ ᠮᠣᠩᠭᠣᠯ ᠮᠣᠩᠭᠣᠯ
ᠭᠠᠵᠠᠷ ᠭᠠᠵᠠᠷ ᠭᠠᠵᠠᠷ
ᠲᠩᠷᠢ ᠮᠣᠩᠭᠣᠯ ᠭᠠᠵᠠᠷ
ᠬᠠᠷ᠎ᠠ ᠲᠣᠭᠣᠭᠠᠨ ᠤ᠋ ᠰᠢᠪᠬᠠᠷᠤᠤ ᠶ᠋ᠢ ᠭᠣᠷᠢᠳᠠᠭᠤᠯᠬᠤ ᠦᠭᠡᠢ ᠭᠡᠵᠦ
ᠬᠡᠯᠡᠭᠰᠡᠨ ᠪᠦᠬᠦᠨ ᠳ᠋ᠦ᠍ ᠨᠢ ᠮᠡᠬᠡᠯᠡᠭᠦᠯᠬᠦ ᠦᠭᠡᠢ ᠭᠡᠵᠦ
ᠬᠥᠮᠦᠨ ᠬᠥᠮᠦᠨ ᠦ᠌ ᠬᠥᠯ ᠢ᠋ ᠳᠣᠯᠢᠶᠠᠯᠭᠠᠬᠤ ᠦᠭᠡᠢ ᠭᠡᠵᠦ
ᠬᠦᠵᠦᠭᠦᠨ ᠳ᠋ᠦ᠍ ᠪᠡᠨ ᠳᠥᠩᠭᠡ ᠲᠡᠢ ᠪᠠᠢᠯᠭᠠᠬᠤ ᠦᠭᠡᠢ ᠭᠡᠵᠦ
ᠬᠥᠬᠡ ᠮᠣᠩᠭᠣᠯ ᠤ᠋ᠨ ᠦᠷᠡᠰ ᠮᠢᠨᠢ
ᠰᠠᠷ᠎ᠠ ᠰᠠᠷ᠎ᠠ ᠰᠠᠷ᠎ᠠ
ᠲᠩᠷᠢ ᠡᠴᠡ ᠵᠠᠶᠠᠭ᠎ᠠ ᠲᠠᠢ ᠪᠠᠨ
ᠰᠠᠨᠠ ᠰᠠᠨᠠ ᠰᠠᠨᠠ
ᠲᠩᠷᠢ ᠡᠴᠡ ᠲᠣᠮᠢᠯᠠᠭ᠎ᠠ ᠲᠠᠢ ᠪᠠᠨ
ᠮᠡᠳᠡ ᠮᠡᠳᠡ ᠮᠡᠳᠡ
ᠬᠥᠬᠡ ᠮᠣᠩᠭᠣᠯ ᠤ᠋ᠨ ᠦᠷᠡᠰ ᠮᠢᠨᠢ ᠰᠠᠷ᠎ᠠ ᠰᠠᠷ᠎ᠠ ᠰᠠᠷ᠎ᠠ
ᠲᠩᠷᠢ ᠲᠩᠷᠢ ᠲᠩᠷᠢ
ᠮᠣᠩᠭᠣᠯ ᠮᠣᠩᠭᠣᠯ ᠮᠣᠩᠭᠣᠯ
ᠭᠠᠵᠠᠷ ᠭᠠᠵᠠᠷ ᠭᠠᠵᠠᠷ
ᠲᠩᠷᠢ ᠮᠣᠩᠭᠣᠯ ᠭᠠᠵᠠᠷ
ᠬᠣᠷᠸ᠎ᠠ ᠳᠡᠯᠡᠬᠡᠢ ᠶ᠋ᠢ ᠬᠤᠪᠢᠰᠬᠠᠬᠤ
ᠬᠣᠣᠰ ᠦᠭᠡᠢ ᠰᠥᠨᠢ ᠡᠬᠢᠯᠡᠭᠡᠳ ᠪᠠᠢᠨ᠎ᠠ
ᠬᠥᠮᠦᠨ ᠦ᠌ ᠭᠡᠰᠡᠨ ᠪᠦᠬᠦᠨ ᠬᠡᠢᠰᠦᠨ ᠣᠳᠴᠤ
ᠥᠪᠡᠷ ᠦ᠋ᠨ ᠭᠡᠰᠡᠨ ᠪᠦᠬᠦᠨ ᠡᠷᠭᠢᠨ ᠢᠷᠡᠬᠦ
ᠲᠡᠦᠬᠡ ᠳᠤᠷᠠᠰᠤᠭᠳᠠᠵᠤ
ᠲᠡᠦᠬᠡ ᠳᠠᠪᠲᠠᠭᠳᠠᠵᠤ
ᠲᠡᠦᠬᠡ ᠡᠬᠢᠯᠡᠭᠡᠳ ᠪᠠᠢᠨ᠎ᠠ
ᠲᠡᠦᠬᠡ ᠬᠥᠬᠡ ᠮᠣᠩᠭᠣᠯ ᠠ᠋ᠴᠠ ᠡᠬᠢᠯᠡᠳᠡᠭ
ᠲᠡᠦᠬᠡ ᠬᠥᠬᠡ ᠮᠣᠩᠭᠣᠯ ᠳ᠋ᠤ᠌ ᠳᠠᠭᠤᠰᠳᠠᠭ
ᠬᠥᠬᠡ ᠮᠣᠩᠭᠣᠯ ᠤ᠋ᠨ ᠦᠷᠡᠰ ᠮᠢᠨᠢ ᠴᠢ
ᠲᠩᠷᠢ ᠲᠩᠷᠢ ᠲᠩᠷᠢ
ᠮᠣᠩᠭᠣᠯ ᠮᠣᠩᠭᠣᠯ ᠮᠣᠩᠭᠣᠯ
ᠭᠠᠵᠠᠷ ᠭᠠᠵᠠᠷ ᠭᠠᠵᠠᠷ
ᠲᠩᠷᠢ ᠮᠣᠩᠭᠣᠯ ᠭᠠᠵᠠᠷ
ᠲᠩᠷᠢ ᠲᠩᠷᠢ ᠲᠩᠷᠢ
ᠮᠣᠩᠭᠣᠯ ᠮᠣᠩᠭᠣᠯ ᠮᠣᠩᠭᠣᠯ
ᠭᠠᠵᠠᠷ ᠭᠠᠵᠠᠷ ᠭᠠᠵᠠᠷ
ᠲᠩᠷᠢ ᠮᠣᠩᠭᠣᠯ ᠭᠠᠵᠠᠷ
ᠲᠩᠷᠢ ᠲᠩᠷᠢ ᠲᠩᠷᠢ
ᠮᠣᠩᠭᠣᠯ ᠮᠣᠩᠭᠣᠯ ᠮᠣᠩᠭᠣᠯ
ᠭᠠᠵᠠᠷ ᠭᠠᠵᠠᠷ ᠭᠠᠵᠠᠷ
ᠲᠩᠷᠢ ᠮᠣᠩᠭᠣᠯ ᠭᠠᠵᠠᠷ
ᠠ ᠠ ᠠ
ᠦ ᠦ ᠦ
ᠠ ᠠ ᠠ
ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
ᠬᠢᠨᠠᠯᠲᠠ ᠬᠢᠭᠰᠡᠨ ᠪᠠᠭᠰᠢ ᠄ ᠠ᠊ · ᠰᠠᠷᠠᠩᠭᠡᠷᠡᠯ
