ᠲᠦᠷᠦᠭᠦᠲᠦ ᠲᠣᠰᠣᠨ ᠬᠠᠷᠭᠠᠢТүрүүт тосон харгай ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠦᠷᠦᠭᠦᠲᠦ ᠲᠣᠰᠣᠨ ᠬᠠᠷᠭᠠᠢТүрүүт тосон харгай

ᠲᠦᠷᠦᠭᠦᠲᠦ ᠲᠣᠰᠣᠨ ᠬᠠᠷᠭᠠᠢТүрүүт тосон харгай

2024-03-03

456

ᠲᠦᠷᠦᠭᠦᠲᠦ ᠲᠣᠰᠣᠨ ᠬᠠᠷᠭᠠᠢ

            ᠲᠣᠰᠣᠨ ᠬᠠᠷᠭᠠᠢ ᠶ᠋ᠢᠨ ᠢᠵᠠᠭᠤᠷ 
   ᠮᠥᠩᠬᠡ ᠨᠣᠭᠣᠭᠠᠨ ᠪᠠᠭᠠᠪᠲᠤᠷ ᠲᠤᠷᠤᠭ ᠮᠣᠳᠣ ᠪᠤᠶᠤ ᠪᠤᠲᠠ ᠮᠣᠳᠣ᠂2—3m ᠥᠨᠳᠥᠷ᠃ ᠵᠢᠵᠢᠭ ᠮᠥᠴᠢᠷ ᠨᠢ ᠪᠠᠬᠠᠨ ᠢᠷᠮᠡᠭ ᠲᠡᠢ᠂ ᠴᠢᠭᠲᠠᠯᠠᠨ ᠤᠷᠭᠤᠨ᠎ᠠ᠃ ᠨᠠᠪᠴᠢ ᠨᠢ ᠬᠣᠶᠠᠷ ᠮᠥᠷᠯᠡᠭᠰᠡᠨ ᠮᠠᠶᠢᠭ ᠲᠠᠢ ᠴᠢᠭᠲᠠᠯᠠᠨ ᠪᠠᠢᠷᠢᠯᠠᠳᠠᠭ᠂ ᠪᠦᠰᠡ ᠰᠢᠭ ᠪᠤᠶᠤ ᠪᠦᠰᠡᠯᠢᠭ ᠬᠠᠪᠲᠠᠭᠠᠢ ᠲᠡᠪᠡᠨᠡ ᠬᠡᠯᠪᠡᠷᠢ ᠲᠡᠢ᠂ ᠮᠣᠬᠣᠭᠣ ᠪᠤᠶᠤ ᠵᠢᠭᠠᠬᠠᠨ ᠱᠤᠮᠠᠭᠠᠢ ᠦᠵᠦᠭᠦᠷ ᠲᠡᠢ᠂ ᠤᠭ ᠨᠢ ᠨᠠᠷᠢᠰᠤᠨ ᠠᠪᠴᠢᠭᠠᠳ ᠨᠢᠭᠡᠨ ᠣᠬᠣᠷ ᠪᠠᠷᠢᠭᠤᠯ ᠪᠣᠯᠵᠠᠢ᠂ ᠠᠷᠤ ᠲᠠᠯ᠎ᠠ ᠳ᠋ᠤᠨᠢ ᠬᠣᠶᠠᠷ ᠵᠤᠷᠪᠤᠰ ᠴᠠᠭᠠᠨ ᠬᠡᠢ ᠶ᠋ᠢᠨ ᠠᠮᠠᠰᠠᠷ ᠤ᠋ᠨ ᠴᠤᠪᠤᠭ᠎ᠠ ᠪᠣᠢ᠃ ᠴᠡᠴᠡᠭ ᠨᠢ ᠭᠠᠭᠴᠠ ᠪᠡᠯᠭᠡ ᠲᠡᠢ ᠪᠥᠭᠡᠳ ᠣᠨᠳᠣᠣ ᠭᠡᠷ ᠲᠡᠢ᠂ ᠲᠤᠰ ᠵᠢᠯ ᠦ᠋ᠨ ᠮᠥᠴᠢᠷ ᠳᠡᠭᠡᠷ᠎ᠡ ᠴᠡᠴᠡᠭᠯᠡᠳᠡᠭ; ᠡᠷ᠎ᠡ ᠪᠠᠭ ᠴᠡᠴᠡᠭ ᠨᠢ3—4 ᠪᠡᠷ ᠮᠥᠴᠢᠷ ᠦ᠋ᠨ ᠣᠷᠣᠢ ᠳ᠋ᠤ᠌ ᠴᠣᠮᠬᠠᠷᠠᠨ ᠤᠷᠭᠤᠨ᠎ᠠ᠂ ᠲᠣᠭᠣᠰᠣᠪᠴᠢ ᠨᠢ2—8 ᠲᠠᠰᠤᠭ ᠲᠠᠢ; ᠡᠮ᠎ᠡ ᠴᠡᠴᠡᠭ ᠨᠢ ᠭᠠᠭᠴᠠᠬᠠᠨ ᠢ᠋ᠶ᠋ᠠᠷ ᠨᠠᠪᠴᠢᠨ ᠤ᠋ ᠥᠪᠥᠷ ᠲᠤ ᠤᠷᠭᠤᠨ᠎ᠠ᠂1.5cm ᠬᠢᠷᠢ ᠤᠷᠲᠤ ᠪᠠᠷᠢᠭᠤᠯ ᠲᠠᠢ ᠪᠠ ᠭᠠᠭᠴᠠ ᠦᠷ᠎ᠡ ᠨᠠᠬᠢᠶ᠎ᠠ ᠲᠠᠢ᠃ ᠦᠷ᠎ᠡ ᠨᠢ ᠶᠠᠰᠤᠲᠤ ᠵᠢᠮᠢᠰ ᠰᠢᠭ ᠪᠥᠭᠡᠳ ᠵᠤᠤᠪᠠᠩ ᠬᠡᠯᠪᠡᠷᠢ ᠲᠡᠢ᠂ ᠲᠡᠭᠦᠨ ᠦ᠌ ᠭᠠᠳᠠᠭᠤᠷ ᠣᠷᠣᠢ ᠨᠢ ᠴᠣᠭᠣᠷᠬᠠᠢ ᠤᠯᠠᠪᠲᠤᠷ ᠰᠢᠷ᠎ᠠ ᠥᠩᠭᠡᠲᠦ ᠬᠠᠭᠤᠷᠮᠠᠭ ᠦᠷ᠎ᠡ ᠶ᠋ᠢᠨ ᠬᠠᠯᠢᠰᠤ ᠪᠦᠷᠬᠦᠵᠦ ᠪᠣᠢ᠂ ᠤᠭ ᠤ᠋ᠨ ᠬᠡᠰᠡᠭ ᠲᠤ ᠨᠢ ᠥᠨᠢᠳᠡ ᠣᠷᠣᠰᠢᠬᠤ ᠪᠠᠭᠯᠠᠭᠴᠢ ᠲᠠᠢ ᠪᠠ1.5—2.5cm ᠤᠷᠲᠤ ᠪᠠᠷᠢᠭᠤᠯ ᠲᠠᠢ᠃ ᠴᠢᠭᠢᠭᠲᠡᠢ ᠮᠥᠷᠲᠡᠭᠡᠨ ᠥᠩ ᠰᠢᠮ᠎ᠡ ᠰᠠᠢᠨ ᠬᠦᠴᠢᠯᠯᠢᠭ ᠬᠥᠷᠥᠰᠥᠨ ᠳ᠋ᠦ᠍ ᠰᠠᠢᠨ ᠤᠷᠭᠤᠨ᠎ᠠ᠃ ᠮᠠᠨ ᠤ᠋ ᠤᠯᠤᠰ ᠤ᠋ᠨ ᠵᠧᠵᠢᠶᠠᠩ᠂ ᠬᠤᠪᠧᠢ᠂ ᠬᠤᠨᠠᠨ᠂ ᠭᠤᠸᠠᠩᠳᠥ᠋ᠩ᠂ ᠭᠤᠸᠠᠩᠰᠢ᠂ ᠹᠦᠵᠢᠶᠠᠨ᠂ ᠲᠠᠢᠸᠠᠨ᠂ ᠶᠦᠨᠨᠠᠨ᠂ ᠰᠧᠴᠤᠸᠠᠨ ᠵᠡᠷᠭᠡ ᠮᠣᠵᠢ ᠣᠷᠣᠨ ᠳ᠋ᠤ᠌ ᠤᠷᠭᠤᠳᠠᠭ᠃ ᠦᠷ᠎ᠡ ᠶ᠋ᠢᠨ ᠲᠣᠰᠣ ᠪᠠᠷ ᠰᠠᠪᠤᠩ ᠬᠢᠨ᠎ᠡ᠂ ᠪᠠᠰᠠ ᠡᠮ ᠳ᠋ᠦ᠍ ᠣᠷᠣᠨ᠎ᠠ᠃ ᠮᠣᠳᠣᠨ ᠰᠢᠷᠬᠡᠭ ᠨᠢ ᠨᠢᠭᠲᠠ ᠪᠣᠯᠬᠣᠷ ᠰᠡᠢᠯᠦᠮᠡᠯ ᠳ᠋ᠦ᠍ ᠬᠡᠷᠡᠭᠯᠡᠨ᠎ᠡ᠃ ᠮᠥᠨ ᠮᠠᠰᠢ ᠭᠣᠶᠣ ᠦᠵᠡᠮᠵᠢ ᠶ᠋ᠢᠨ ᠮᠣᠳᠣ ᠶᠤᠮ᠃

ᠬᠢᠲᠠᠳ ᠨᠠᠷ᠎ᠡ᠄穗花杉
ᠠᠩᠭ᠌ᠯᠢ ᠨᠡᠷ᠎ᠡ ᠄ Amentotaxus argotaenia pilg

   ᠦᠰᠦᠭ ᠠᠮᠢᠯᠠᠭᠤᠯᠤᠭᠴᠢ᠄ ᠣ· ᠰᠡᠴᠡᠨᠲᠤ
   ᠬᠢᠨᠠᠭᠴᠢ᠄ ᠣᠳᠬᠠᠨᠰᠣ᠎ᠠ