ᠮᠣᠩᠭᠣᠯ ᠬᠡᠯᠡ-ᠴᠢ᠊ ᠤᠷᠠᠨᠴᠡᠴᠡᠭ Монгол хэл-Чи Урнцэцэг
ᠮᠣᠩᠭᠣᠯ ᠬᠡᠯᠡ
ᠪᠥᠷᠲᠡ ᠴᠢᠨᠣ᠎ᠠ ᠭᠤᠸ᠎ᠠ ᠮᠠᠷᠠᠯ ᠤ᠋ᠨ ᠬᠠᠨ ᠬᠡᠨᠲᠡᠢ ᠳ᠋ᠦ᠍ ᠬᠠᠢᠷ᠎ᠠ ᠪᠠᠨ ᠰᠦᠯᠵᠢᠭᠰᠡᠨ ᠮᠣᠩᠭᠣᠯ ᠬᠡᠯᠡ
ᠪᠣᠭᠳᠠ ᠴᠢᠩᠭᠢᠰ ᠪᠤᠷᠬᠠᠨ ᠬᠠᠯᠳᠤᠨ ᠤ᠋ ᠣᠷᠣᠢ ᠠ᠋ᠴᠠ ᠳᠠᠶᠠᠩ ᠳ᠋ᠤ᠌ ᠵᠠᠷᠯᠠᠭᠰᠠᠨ ᠮᠣᠩᠭᠣᠯ ᠬᠡᠯᠡ
ᠣᠩᠭᠣᠨ ᠬᠥᠬᠡ ᠲᠩᠷᠢ ᠶ᠋ᠢᠨ ᠠᠯᠲᠠᠨ ᠵᠠᠭᠠᠳᠠᠰᠤ ᠠ᠋ᠴᠠ ᠭᠠᠯ ᠵᠠᠬᠢᠭᠰᠠᠨ ᠮᠣᠩᠭᠣᠯ ᠬᠡᠯᠡ
ᠤᠨᠤᠨ ᠲᠤᠤᠯᠠ ᠤ᠋ᠨ ᠤᠰᠤᠨ ᠤ᠋ ᠴᠡᠩᠬᠡᠷ ᠲᠣᠯᠭᠢᠶᠠᠰ ᠠ᠋ᠴᠠ ᠠᠪᠢᠶ᠎ᠠ ᠵᠠᠳᠠᠯᠤᠭᠰᠠᠨ ᠮᠣᠩᠭᠣᠯ ᠬᠡᠯᠡ
ᠥᠭᠡᠯᠦᠨ ᠬᠠᠲᠤᠨ ᠡᠵᠢ ᠶ᠋ᠢᠨ ᠪᠦᠪᠡᠢ ᠶ᠋ᠢᠨ ᠳᠠᠭᠤᠨ ᠠ᠋ᠴᠠ ᠡᠬᠡᠰᠢᠭ ᠱᠠᠭᠯᠠᠭᠰᠠᠨ ᠮᠣᠩᠭᠣᠯ ᠬᠡᠯᠡ
ᠥᠷᠭᠡᠨ ᠳᠠᠭᠰᠢᠨ ᠪᠠᠢᠭᠠᠯᠢ ᠶ᠋ᠢᠨ ᠰᠢᠳᠢᠲᠦ ᠷᠠᠰᠢᠶᠠᠨ ᠠ᠋ᠴᠠ ᠬᠡᠢᠮᠣᠷᠢ ᠴᠣᠮᠨᠠᠭᠰᠠᠨ ᠮᠣᠩᠭᠣᠯ ᠬᠡᠯᠡ
ᠪᠢᠲᠡᠭᠦᠦ ᠣᠨᠢᠰᠣᠭ᠎ᠠ ᠰᠢᠭ᠋ ᠨᠢᠭᠤᠴᠠ ᠲᠣᠪᠴᠢᠶᠠᠨ ᠢ᠋ᠶ᠋ᠠᠨ ᠰᠦ ᠪᠡᠷ ᠪᠢᠴᠢᠭᠰᠡᠨ ᠮᠣᠩᠭᠣᠯ ᠬᠡᠯᠡ
ᠪᠢᠯᠢᠭᠦᠨ ᠤᠬᠠᠭᠠᠨᠲᠤ ᠳᠡᠭᠡᠳᠦᠰ ᠦ᠋ᠨ ᠴᠠᠳᠠᠭ ᠢ᠋ ᠪᠦᠲᠦᠨ ᠢ᠋ᠶ᠋ᠡᠷ ᠥᠪᠯᠡᠭᠰᠡᠨ ᠮᠣᠩᠭᠣᠯ ᠬᠡᠯᠡ
ᠮᠣᠷᠢᠨ ᠬᠤᠭᠤᠷ ᠤ᠋ᠨ ᠬᠣᠶᠠᠷᠬᠠᠨ ᠴᠠᠪᠬᠠᠳᠠᠰᠤᠨ ᠳ᠋ᠤ᠌ ᠪᠠᠭᠲᠠᠵᠤ ᠴᠠᠯᠭᠢᠳᠠᠭ ᠮᠣᠩᠭᠣᠯ ᠬᠡᠯᠡ
ᠮᠣᠩᠭᠣᠯ ᠭᠡᠷ ᠦ᠋ᠨ ᠰᠠᠷᠠᠨ ᠲᠣᠭᠣᠨᠣ ᠪᠠᠷ ᠲᠩᠷᠢ ᠳ᠋ᠦ᠍ ᠤᠷᠭᠤᠭᠰᠠᠨ ᠮᠣᠩᠭᠣᠯ ᠬᠡᠯᠡ
ᠮᠣᠷᠢᠨ ᠳᠡᠯ ᠳᠡᠭᠡᠷ᠎ᠡ ᠠᠰᠠᠭᠰᠠᠨ ᠳᠡᠪᠡᠯ ᠲᠡᠢ ᠭᠠᠯ ᠠ᠋ᠴᠠ ᠬᠠᠳᠠᠭ ᠰᠢᠭ᠋ ᠠᠰᠬᠠᠷᠠᠭᠰᠠᠨ ᠮᠣᠩᠭᠣᠯ ᠬᠡᠯᠡ
ᠮᠣᠳᠣᠳ ᠤ᠋ᠨ ᠰᠠᠯᠠᠭᠠᠨ ᠳᠡᠭᠡᠷ᠎ᠡ ᠡᠭᠦᠷ ᠢ᠋ᠶ᠋ᠡᠨ ᠵᠠᠰᠠᠭᠰᠠᠨ ᠰᠢᠪᠠᠭᠤᠳ ᠠ᠋ᠴᠠ ᠮᠥᠨᠳᠥᠷ ᠰᠢᠭ ᠱᠠᠭᠢᠭᠰᠠᠨ ᠮᠣᠩᠭᠣᠯ ᠬᠡᠯᠡ
ᠥᠷᠯᠥᠭ ᠪᠠᠭᠠᠲᠤᠷ ᠤ᠋ᠳ ᠤ᠋ᠨ ᠮᠢᠨᠢ ᠥᠮᠥᠭᠯᠡᠵᠦ ᠬᠠᠮᠠᠭᠠᠯᠠᠭᠰᠠᠨ ᠭᠠᠵᠠᠷ ᠰᠢᠷᠣᠨ ᠳ᠋ᠤ᠌ ᠮᠣᠩᠭᠣᠯ ᠬᠡᠯᠡ ᠮᠢᠨᠢ ᠪᠣᠢ
ᠥᠷᠯᠥᠭᠡ ᠥᠷᠯᠥᠭᠡ ᠡᠵᠢ ᠶ᠋ᠢᠨ ᠮᠢᠨᠢ ᠪᠠᠳᠠᠷᠠᠭᠠᠭᠰᠠᠨ ᠭᠠᠯ ᠭᠣᠯᠣᠮᠳᠠᠨ ᠳ᠋ᠤ᠌ ᠮᠣᠩᠭᠣᠯ ᠬᠡᠯᠡ ᠮᠢᠨᠢ ᠪᠣᠢ
ᠠᠶᠠᠯᠭᠤ ᠰᠠᠢᠬᠠᠨ ᠮᠣᠩᠭᠣᠯ ᠬᠡᠯᠡ ᠪᠡᠨ ᠠᠷᠢᠭᠤᠨ ᠲᠠᠴᠢᠷ ᠢ᠋ᠶ᠋ᠠᠷ ᠨᠢ ᠤᠯᠠᠮᠵᠢᠯᠠᠶ᠎ᠠ
ᠳᠤᠮᠳᠠᠳᠤ ᠤᠯᠤᠰ ᠤ᠋ᠨ ᠮᠣᠩᠭᠣᠯ ᠬᠡᠯᠡᠨ ᠦ᠌ ᠪᠠᠷᠢᠮᠵᠢᠶ᠎ᠠ ᠠᠪᠢᠶ᠎ᠠ ᠶ᠋ᠢ ᠲᠣᠭᠲᠠᠭᠠᠭᠰᠠᠨ 40 ᠵᠢᠯ ᠦ᠋ᠨ ᠣᠢ ᠶ᠋ᠢ ᠪᠠᠶᠠᠷᠯᠠᠨ ᠪᠡᠯᠡᠭᠯᠡᠶ᠎ᠡ!
ᠢᠷᠡᠯᠲᠡ᠄ ᠳᠤᠷᠠᠨ ᠬᠠᠷᠠᠭ᠎ᠠ ᠲᠠᠪᠴᠠᠩ
ᠦᠰᠦᠭ ᠠᠮᠢᠯᠠᠭᠤᠯᠤᠭᠰᠠᠨ ᠨᠢ᠄ ᠴᠢ · ᠤᠷᠠᠨᠴᠡᠴᠡᠭ
