ᠬᠠᠨ ᠴᠡᠩᠬᠡᠯ (ᠲᠤᠤᠯᠢ ) - 3 Хан цэнгэл (туули ) - 3
ᠬᠠᠨ ᠴᠡᠩᠬᠡᠯ (ᠲᠤᠤᠯᠢ ) - 3
ᠲᠡᠭᠡᠬᠦ ᠳ᠋ᠦ᠍ ᠨᠢᠭᠡᠨ ᠡᠳᠦᠷ ᠪᠣᠯᠪᠠ ᠭᠡᠨ᠎ᠡ
ᠪᠠᠯᠮᠠᠭᠡᠷᠡᠯ ᠬᠠᠭᠠᠨ ᠠᠢᠯᠠᠳᠪᠠ ᠭᠡᠨ᠎ᠡ
《 ᠨᠠᠳᠠ ᠪᠣᠯᠬᠤᠯ᠎ᠠ ᠨᠢ
ᠭᠠᠭᠴᠠ ᠪᠠᠭ᠎ᠠ ( ᠥᠬᠢᠨ ) ᠪᠠᠢᠳᠠᠭ ᠪᠢᠯᠡ
ᠲᠠᠪᠤᠨ ᠬᠣᠰᠢᠭᠤ ᠮᠠᠯ ᠠ᠋ᠴᠠ
ᠪᠢ ᠡᠨᠡ ᠭᠡᠵᠦ ᠵᠢᠰᠦᠯᠡᠬᠦ ᠦᠭᠡᠢ
ᠠᠯᠪᠠᠲᠤ ᠬᠣᠰᠢᠭᠤ ᠠ᠋ᠴᠠ ᠪᠠᠨ
ᠡᠨᠡ ᠭᠡᠵᠦ ᠪᠢ ᠵᠢᠰᠦᠯᠡᠬᠦ ᠦᠭᠡᠢ !
ᠮᠢᠨᠦ ᠪᠠᠭ᠎ᠠ ( ᠥᠬᠢᠨ )
ᠥᠪᠡᠷ ᠦ᠋ᠨ ᠢ᠋ᠶ᠋ᠡᠨ ᠳᠤᠷ᠎ᠠ ᠪᠠᠷ ᠠᠪᠤᠨ᠎ᠠ 》
ᠭᠡᠵᠦ ᠬᠡᠯᠡᠪᠡ ᠭᠡᠨ᠎ᠡ ᠃
ᠲᠡᠭᠡᠬᠦ ᠳ᠋ᠦ᠍ ᠨᠠᠷᠠᠨᠽᠠᠨᠳᠠᠨ ᠠᠪᠠᠬᠠᠢ
《 ᠪᠢ ᠮᠠᠯ ᠳᠣᠲᠣᠷ᠎ᠠ ᠠ᠋ᠴᠠ ᠪᠠᠨ
ᠲᠠᠩᠳᠠ ᠦᠷ᠎ᠡ ᠲᠥᠯ ᠢ᠋ ᠨᠢ ᠠᠪᠤᠨ᠎ᠠ
ᠠᠯᠪᠠᠲᠤ ᠬᠣᠰᠢᠭᠤ ᠳᠣᠲᠣᠷ᠎ᠠ ᠠ᠋ᠴᠠ
ᠲᠠᠩᠳᠠ ᠦᠷᠡᠨ ᠬᠡᠦᠬᠡᠦᠰ ( ᠬᠡᠦᠬᠡᠳ ) ᠢ᠋ ᠨᠢ ᠠᠪᠤᠨ᠎ᠠ ! 》
ᠭᠡᠵᠦ ᠬᠡᠯᠡᠪᠡ ᠭᠡᠨ᠎ᠡ ᠃
ᠦᠷᠡᠨ ᠬᠡᠦᠬᠡᠦᠰ ᠨᠢ ᠠᠪᠤᠭᠠᠳ ᠶᠠᠪᠤᠬᠤ ᠳ᠋ᠤ᠌
ᠡᠬᠡ ᠠᠪᠤ ᠨᠢ ᠤᠬᠢᠯᠠᠭᠠᠳ ᠴᠤᠤᠭᠢᠭᠠᠳ ( ᠱᠤᠤᠭᠢᠯᠳᠤᠭᠠᠳ )
ᠳᠠᠭᠠᠭᠠᠳ ᠡᠰᠡ ᠪᠣᠯᠪᠠ ᠭᠡᠨ᠎ᠡ ᠃
ᠦᠷ᠎ᠡ ᠲᠥᠯ ᠢ᠋ ᠨᠢ ᠠᠪᠤᠭᠠᠳ ᠶᠠᠪᠤᠬᠤ ᠳ᠋ᠤ᠌
ᠡᠬᠡ ᠨᠢ ᠮᠠᠢᠯᠠᠭᠠᠳ ᠴᠤᠤᠭᠢᠭᠠᠳ(ᠱᠤᠤᠭᠢᠯᠳᠤᠭᠠᠳ )
ᠳᠠᠭᠠᠭᠠᠳ ᠡᠰᠡ ᠪᠣᠯᠪᠠ ᠭᠡᠨ᠎ᠡ ᠃
ᠲᠡᠭᠡᠬᠦ ᠳ᠋ᠦ᠍ ᠪᠠᠯᠮᠠᠭᠡᠷᠡᠯ ᠬᠠᠭᠠᠨ ᠠᠢᠯᠠᠳᠪᠠ ᠭᠡᠨ᠎ᠡ ᠃
《 ᠮᠠᠨ᠎ᠠ ᠬᠣᠶᠠᠷ ᠠᠳᠠ
ᠬᠣᠶᠠᠷᠬᠠᠨ ᠬᠥᠮᠦᠨ ᠶᠠᠭᠤ ᠬᠢᠵᠦ ᠰᠠᠭᠤᠬᠤ ᠪᠣᠢ
ᠠᠯᠪᠠᠲᠤ ᠬᠣᠰᠢᠭᠤ ᠪᠣᠯᠤᠭᠠᠳ
ᠠᠬ᠎ᠠ ᠳᠠᠷᠤᠢ ( ᠳᠡᠭᠦᠦ ) ᠪᠣᠯᠤᠭᠠᠳ
ᠴᠣᠭ ᠶᠠᠪᠤᠵᠢᠨ ( ᠶᠠᠪᠤᠵᠤ ) ᠪᠠᠢᠨ᠎ᠠ
ᠡᠨᠡ ᠶᠠᠩᠵᠤ ᠪᠠᠷ ᠨᠢ ( ᠪᠦᠭᠦᠳᠡ ᠶ᠋ᠢ ᠨᠢ ) ᠨᠡᠭᠦᠯᠭᠡᠭᠡᠳ ᠶᠠᠪᠤ 》
ᠭᠡᠵᠦ ᠠᠢᠯᠠᠳᠪᠠ ᠭᠡᠨ᠎ᠡ ᠃
ᠲᠡᠭᠡᠬᠦ ᠳ᠋ᠦ᠍ ᠠᠯᠪᠠᠲᠤ ᠬᠣᠰᠢᠭᠤ ᠪᠠᠷ ᠨᠢ
ᠨᠡᠭᠦᠯᠭᠡᠭᠡᠳ ᠶᠠᠪᠤᠬᠤ ᠪᠣᠯᠪᠠ ᠭᠡᠨ᠎ᠡ ᠃
ᠲᠡᠭᠡᠭᠡᠳ ᠨᠡᠭᠦᠭᠡᠳ ᠶᠠᠪᠤᠭᠰᠠᠨ ᠪᠠᠢᠪᠠ ᠭᠡᠨ᠎ᠡ ᠃
ᠲᠡᠭᠡᠬᠦ ᠳ᠋ᠦ᠍ ᠨᠢᠭᠡᠨ ᠡᠳᠦᠷ
ᠬᠠᠨ ᠴᠡᠩᠭᠡᠯ ᠬᠥᠪᠡᠭᠦᠨ ᠬᠡᠯᠡᠪᠡ ᠭᠡᠨ᠎ᠡ
《ᠠᠬ᠎ᠠ ᠮᠢᠨᠢ ᠂ ᠠᠬ᠎ᠠ ᠮᠢᠨᠢ !
ᠮᠠᠨ᠎ᠠ ᠬᠣᠶᠠᠷ ᠲᠤ᠌ ᠨᠢᠭᠡ
ᠵᠢᠭᠠᠯᠬᠠᠨ ( ᠵᠢᠭᠠᠬᠠᠨ ) ᠵᠥᠪᠴᠢ ( ᠵᠥᠪᠯᠡᠯᠭᠡ ) ᠪᠠᠢᠨ᠎ᠠ 》
ᠭᠡᠵᠦ ᠬᠡᠯᠡᠪᠡ ᠭᠡᠨ᠎ᠡ
《 ᠶᠠᠮᠠᠷ ᠵᠥᠪᠴᠢ ( ᠵᠥᠪᠯᠡᠯᠭᠡ ) ᠪᠠᠢᠨ᠎ᠠ ?》
ᠭᠡᠵᠦ ᠬᠡᠯᠡᠪᠡ ᠭᠡᠨ᠎ᠡ
《 ᠠ ᠂ ᠪᠢ ᠮᠥᠩᠭᠥᠨ ᠡᠭᠡᠮᠦᠭ ᠢ᠋ᠶ᠋ᠡᠨ ᠰᠢᠪᠰᠢᠵᠦ
ᠲᠠᠨ ᠳ᠋ᠤ᠌ ᠥᠭᠭᠦᠶ᠎ᠡ ᠲᠠ ᠵᠡᠭᠦ !
ᠲᠠ ᠮᠥᠩᠭᠥᠨ ᠡᠭᠡᠮᠦᠭ ᠢ᠋ᠶ᠋ᠡᠨ ᠰᠢᠪᠰᠢᠵᠦ
ᠨᠠᠳᠠ ᠥᠭ ᠪᠢ ᠵᠡᠭᠦᠶ᠎ᠡ !
ᠮᠢᠨᠦ ᠡᠭᠡᠮᠦᠭ ᠵᠢᠪᠡᠷᠡᠭᠰᠡᠨ ᠴᠠᠭ ᠲᠤ᠌
ᠨᠠᠳᠠ ᠪᠠᠷᠴᠢᠳ ᠲᠠᠢ ᠪᠠᠢᠬᠤ ᠪᠢᠰᠢᠦ
ᠲᠠᠨ ᠤ᠋ ᠡᠭᠡᠮᠦᠭ ᠵᠢᠪᠡᠷᠡᠭᠰᠡᠨ ᠴᠠᠭ ᠲᠤ᠌
ᠲᠠᠨ ᠳ᠋ᠤ᠌ ᠪᠠᠷᠴᠢᠳ ᠲᠠᠢ ᠪᠠᠢᠬᠤ ᠪᠢᠰᠢᠦ
ᠬᠣᠶᠠᠭᠤᠯᠠ ᠨᠢᠭᠡ ᠨᠢᠭᠡ ᠪᠡᠨ ᠢᠭᠢᠵᠦ (ᠢᠩᠭᠢᠵᠦ )ᠮᠡᠳᠡᠶ᠎ᠡ
ᠪᠢ ᠲᠦᠷᠦᠭᠦᠯᠡᠨ
ᠨᠤᠲᠤᠭ ᠤᠰᠤᠨ ᠳ᠋ᠤ᠌ ᠪᠠᠨ ᠬᠦᠷᠴᠦ
ᠬᠤᠷᠢᠮ ᠨᠠᠢᠷ ᠢ᠋ᠶ᠋ᠠᠨ ᠲᠠᠯᠪᠢᠵᠢᠨ ( ᠲᠠᠯᠪᠢᠵᠤ ) ᠪᠠᠢᠶ᠎ᠠ
ᠠᠬ᠎ᠠ ᠮᠢᠨᠢ ᠠᠷᠤ ( ᠬᠣᠢᠨ᠎ᠠ ) ᠠ᠋ᠴᠠ
ᠡᠨᠡ ᠡᠵᠢ ᠠᠪᠤ ᠶ᠋ᠢᠨ ᠠᠯᠪᠠᠲᠤ ᠬᠣᠰᠢᠭᠤ ᠶ᠋ᠢ
ᠨᠡᠭᠦᠯᠭᠡᠭᠡᠳ ᠢᠷ᠎ᠡ 》 ᠭᠡᠵᠦ ᠬᠡᠯᠡᠪᠡ ᠭᠡᠨ᠎ᠡ
《 ᠠ ᠂ ᠵᠠ 》 ᠭᠡᠰᠡᠨ ᠪᠠᠢᠪᠠ ᠭᠡᠨ᠎ᠡ
ᠬᠣᠶᠠᠭᠤᠯᠠ ᠪᠠᠨ ᠬᠣᠶᠠᠷ ᠮᠥᠩᠭᠥᠨ ᠡᠭᠡᠮᠦᠭ ᠢ᠋ᠶ᠋ᠡᠨ
ᠰᠢᠪᠰᠢᠵᠦ ᠰᠣᠯᠢᠵᠤ ᠵᠡᠭᠦᠪᠡ ᠭᠡᠨ᠎ᠡ᠃
ᠲᠡᠭᠡᠵᠢᠨ ( ᠲᠡᠭᠡᠵᠦ ) ᠠᠪᠤᠭᠠᠳ
ᠬᠠᠨ ᠴᠡᠩᠭᠡᠯ ᠬᠥᠪᠡᠭᠦᠨ
ᠲᠦᠷᠦᠭᠦᠯᠡᠭᠡᠳ ᠭᠦᠶᠦᠯᠭᠡᠭᠡᠳ ( ᠳᠠᠪᠬᠢᠯᠤᠭᠠᠳ ) ᠶᠠᠪᠤᠪᠠ ᠭᠡᠨ᠎ᠡ
ᠵᠢᠯ ᠦ᠋ᠨ ᠭᠠᠵᠠᠷ ᠢ᠋ ᠰᠠᠷ᠎ᠠ ᠪᠠᠷ ᠠᠪᠤᠪᠠ ᠭᠡᠨ᠎ᠡ
ᠰᠠᠷ᠎ᠠ ᠶ᠋ᠢᠨ ᠭᠠᠵᠠᠷ ᠢ᠋ ᠡᠳᠦᠷ ᠢ᠋ᠶ᠋ᠡᠷ ᠠᠪᠤᠪᠠ ᠭᠡᠨ᠎ᠡ
ᠡᠳᠦᠷ ᠦ᠋ᠨ ᠭᠠᠵᠠᠷ ᠢ᠋ ᠴᠠᠭ ᠢ᠋ᠶ᠋ᠠᠷ ᠠᠪᠤᠪᠠ ᠭᠡᠨ᠎ᠡ ᠃
ᠲᠡᠭᠡᠭᠡᠳ ᠭᠦᠶᠦᠯᠭᠡᠭᠡᠳ ( ᠳᠠᠪᠬᠢᠯᠤᠭᠠᠳ ) ᠶᠠᠪᠤᠭᠠᠳ
ᠨᠤᠲᠤᠭ ᠲᠤ᠌ ᠪᠠᠨ ᠢᠷᠡᠪᠡ ᠭᠡᠨ᠎ᠡ
ᠡᠪᠦᠯ ᠦ᠋ᠨ ᠢ᠋ᠶ᠋ᠡᠨ
ᠡᠪᠦᠯᠵᠢᠩ ( ᠡᠪᠦᠯᠵᠢᠶ᠎ᠡ ) ᠳ᠋ᠦ᠍ ᠢᠷᠡᠪᠡ ᠭᠡᠨ᠎ᠡ
ᠡᠪᠡᠰᠦᠨ ᠳᠥᠷᠥᠭᠡ ᠰᠢᠭᠦᠷᠡᠭᠡᠳ
ᠪᠠᠢᠪᠠ ᠭᠡᠨ᠎ᠡ
ᠨᠠᠮᠤᠷ ᠤ᠋ᠨ ᠢ᠋ᠶ᠋ᠠᠨ
ᠨᠠᠮᠤᠷᠵᠢᠩ ( ᠨᠠᠮᠤᠷᠵᠢᠶ᠎ᠠ ) ᠳ᠋ᠤ᠌ ᠢᠷᠡᠪᠡ ᠭᠡᠨ᠎ᠡ
ᠡᠪᠡᠰᠦᠨ ᠳᠥᠷᠥᠭᠡ ᠰᠢᠭᠦᠷᠡᠭᠡᠳ
ᠪᠠᠢᠪᠠ ᠭᠡᠨ᠎ᠡ ᠃
ᠦᠨᠡᠭᠡᠨ ᠦᠨᠦᠷᠬᠡᠬᠦ ᠶᠠᠭᠤᠮ᠎ᠠ ᠦᠭᠡᠢ
ᠬᠠᠷᠠᠭᠠᠳ ᠬᠠᠷᠠᠬᠤ ᠶᠠᠭᠤᠮ᠎ᠠ ᠦᠭᠡᠢ
ᠪᠠᠮᠪᠠᠯᠠᠢ ᠴᠠᠭᠠᠨ ᠥᠷᠭᠥᠭᠡ ᠶ᠋ᠢᠨ
ᠡᠷᠦᠬᠡ ( ᠲᠣᠭᠣᠨᠣ ) ᠪᠠᠷ ᠨᠢ
ᠡᠪᠡᠰᠦᠨ ᠴᠤᠬᠤᠢᠭᠰᠠᠨ ᠪᠠᠢᠪᠠ ᠭᠡᠨ᠎ᠡ
ᠨᠢᠭᠡᠨ ᠲᠠᠨᠢᠳᠠᠭ ᠮᠡᠳᠡᠳᠡᠭ ᠦᠭᠡᠢ
ᠡᠪᠦᠭᠡᠨ ᠡᠮᠡᠭᠡᠨ ᠬᠣᠶᠠᠷ
ᠬᠤᠯᠤᠰᠤᠨ ᠤ᠋ ᠣᠩᠭᠢ (ᠦᠨᠳᠦᠰᠦ ) ᠶ᠋ᠢ ᠮᠠᠯᠲᠠᠵᠤ
ᠢᠳᠡᠵᠢᠨ( ᠢᠳᠡᠵᠦ ) ᠢᠷᠭᠢ ( ᠢᠷᠣᠭᠠᠯ ) ᠳ᠋ᠤᠨᠢ
ᠰᠠᠭᠤᠵᠢᠨ ( ᠰᠠᠭᠤᠵᠤ )ᠪᠠᠢᠪᠠ ᠭᠡᠨ᠎ᠡ ᠃
《 ᠦ ᠂ ᠡᠨᠡ ᠡᠵᠢ ᠠᠪᠤ
ᠠᠯᠪᠠᠲᠤ ᠬᠤᠰᠢᠭᠤᠨ ᠬᠠᠮᠢᠭ᠎ᠠ ᠶᠠᠪᠤᠯ᠎ᠠ ? 》
ᠭᠡᠵᠦ ᠰᠤᠷᠠᠪᠠ ᠭᠡᠨ᠎ᠡ
《 ᠠ ᠂ ᠮᠠᠭᠤᠰ ᠣᠯᠵᠠᠯᠠᠭᠠᠳ
ᠶᠠᠪᠤᠵᠢᠨ ( ᠶᠠᠪᠤᠵᠤ ) ᠡᠦᠲᠦᠯ᠎ᠡ
ᠪᠠᠷᠠᠭᠤᠨ ᠬᠣᠢᠲᠤ ᠵᠦᠭ ᠲᠦ᠍
ᠠᠯᠪᠠᠲᠤ ᠳᠣᠲᠣᠷ᠎ᠠ ᠠ᠋ᠴᠠ
ᠠᠷᠭ᠎ᠠ ᠪᠠᠨ ᠪᠠᠷᠠᠭᠰᠠᠨ( ᠠᠷᠭ᠎ᠠ ᠦᠭᠡᠢ )
ᠮᠠᠨ᠎ᠠ ᠬᠣᠶᠠᠷ ᠢ᠋
ᠬᠠᠶᠠᠵᠢᠨ ( ᠬᠠᠶᠠᠵᠤ ) ᠣᠷᠬᠢᠭᠰᠠᠨ
ᠮᠠᠨ᠎ᠠ ᠬᠣᠶᠠᠷ ᠪᠣᠯᠬᠤᠯ᠎ᠠ ᠨᠢ
ᠲᠠᠨᠤᠰ ᠤ᠋ᠨ ᠡᠵᠢ ᠠᠪᠤ ᠶ᠋ᠢᠨ ᠥᠷᠭᠥᠭᠡ ᠳ᠋ᠦ᠍
ᠬᠦᠢᠲᠡᠨ ᠳ᠋ᠦ᠍ ᠨᠢ ᠨᠥᠮᠥᠷᠢᠯᠡᠵᠦ
ᠬᠤᠯᠤᠰᠤᠨ ᠣᠩᠭᠢ ( ᠦᠨᠳᠦᠰᠦ ) ᠶ᠋ᠢ ᠮᠠᠯᠲᠠᠵᠤ
ᠢᠳᠡᠵᠦ ᠰᠠᠭᠤᠵᠢᠨ ( ᠰᠠᠭᠤᠵᠤ ) ᠪᠠᠢᠨ᠎ᠠ 》
ᠭᠡᠵᠦ ᠬᠡᠯᠡᠪᠡ ᠭᠡᠨ᠎ᠡ ᠃
ᠴᠠᠭᠠᠷ᠎ᠠ ( ᠴᠠᠰᠢ ᠪᠠᠨ ) ᠭᠦᠶᠦᠯᠭᠡᠳ
ᠶᠠᠪᠤᠭᠰᠠᠨ ᠪᠠᠢᠪᠠ ᠭᠡᠨ᠎ᠡ ᠃
ᠨᠢᠭᠡ ᠪᠤᠬ᠎ᠠ
ᠬᠠᠷᠪᠤᠵᠤ ᠠᠪᠴᠢᠨ( ᠠᠪᠴᠤ ) ᠢᠷᠡᠵᠦ
ᠥᠭᠪᠡ ᠭᠡᠨ᠎ᠡ
《 ᠵᠠ᠂ ᠠᠪᠤᠭᠠᠢ ᠮᠢᠨᠢ ᠂ ᠡᠵᠢ ᠮᠢᠨᠢ!
ᠡᠨᠡ ᠮᠢᠬᠠᠨ ᠠ᠋ᠴᠠ
ᠰᠠᠢᠨ ᠴᠢᠨᠠᠵᠢᠨ( ᠴᠢᠨᠠᠵᠤ ) ᠢᠳᠡᠭᠡᠳ
ᠡᠨᠡ ᠭᠡᠷ ᠥᠷᠭᠥᠭᠡ ᠶ᠋ᠢ ᠴᠡᠪᠡᠭᠦᠯᠵᠢᠨ ( ᠴᠡᠪᠡᠷᠯᠡᠵᠦ ) ᠪᠠᠢ!
ᠲᠡᠭᠡᠬᠦ ᠳ᠋ᠦ᠍ ᠠᠷᠤ ᠠ᠋ᠴᠠ
ᠪᠠᠯᠮᠠᠭᠡᠷᠡᠯ ᠬᠠᠭᠠᠨ ᠤ᠋ ᠭᠢᠰ ( ᠬᠢᠨ ) ᠢ᠋
ᠨᠡᠭᠦᠯᠭᠡᠭᠡᠳ ᠢᠷᠡᠵᠢᠨ ( ᠢᠷᠡᠵᠦ ) ᠪᠣᠢ
ᠲᠠᠨᠤᠰ ( ᠲᠠᠨᠠᠷ )ᠲᠠᠨᠢᠬᠤ ᠦᠭᠡᠢ
ᠮᠢᠨᠦ ᠠᠬ᠎ᠠ
ᠮᠠᠳ ᠤᠯᠠᠭᠠᠨ ᠬᠥᠪᠡᠭᠦᠨ ᠭᠡᠵᠦ
ᠨᠢᠭᠡ ᠬᠥᠮᠦᠨ ᠢᠷᠡᠬᠦ
ᠨᠠᠮ᠎ᠠ ᠶ᠋ᠢ ᠰᠤᠷᠠᠬᠤ ᠳ᠋ᠤ᠌ ᠡᠷᠡᠭᠡ ᠦᠭᠡᠢ ( ᠮᠠᠭᠠᠳ ᠦᠭᠡᠢ )
ᠲᠡᠭᠡᠵᠢᠨ ᠭᠡᠯᠡ ᠨᠢ ( ᠲᠡᠭᠡᠪᠡᠯ ) ᠨᠠᠮ᠎ᠠ ᠶ᠋ᠢ
ᠪᠠᠷᠠᠭᠤᠨ ᠬᠣᠢᠲᠤ ᠵᠦᠭ ᠲᠦ᠍
ᠥᠰᠢᠶ᠎ᠡ ᠨᠡᠬᠡᠬᠦ ᠪᠡᠷ ᠶᠠᠪᠤᠯ᠎ᠠ ᠭᠡᠵᠦ ᠬᠡᠯᠡ! 》
ᠭᠡᠵᠦ ᠵᠠᠬᠢᠭᠰᠠᠨ ᠪᠠᠢᠪᠠ ᠭᠡᠨ᠎ᠡ ᠃
ᠡᠪᠦᠭᠡᠨ ᠡᠮᠡᠭᠡᠨ ᠬᠣᠶᠠᠷ ᠶᠡᠬᠡ ᠪᠠᠶᠠᠷ ᠲᠠᠢ
ᠲᠡᠷᠡ ᠮᠢᠬᠠᠨ ᠠ᠋ᠴᠠ ᠴᠢᠨᠠᠵᠢᠨ ( ᠴᠢᠨᠠᠵᠤ ) ᠢᠳᠡᠵᠦ
ᠭᠡᠷ ᠥᠷᠥᠭᠡ ᠶ᠋ᠢ ᠨᠢ
ᠴᠡᠪᠡᠭᠦᠯᠵᠢᠨ ( ᠴᠡᠪᠡᠷᠯᠡᠨ ) ᠪᠠᠢᠪᠠ ᠭᠡᠨ᠎ᠡ᠃
ᠬᠠᠨ ᠴᠡᠩᠭᠡᠯ ᠬᠥᠪᠡᠭᠦᠨ
ᠲᠦᠷᠦᠭᠦᠯᠡᠭᠡᠳ ᠭᠦᠶᠦᠯᠭᠡᠭᠡᠳ ( ᠳᠠᠪᠬᠢᠯᠤᠭᠠᠳ ) ᠶᠠᠪᠤᠭᠠᠳ
ᠪᠣᠯᠵᠣᠭᠠᠲᠤ ᠶ᠋ᠢᠨ ᠪᠣᠷᠣ ᠱᠣᠪᠣᠭᠣᠷ ᠭᠡᠳᠡᠭ ᠭᠠᠵᠠᠷ ᠲᠤ᠌ ᠬᠦᠷᠪᠡ ᠭᠡᠨ᠎ᠡ ᠃
ᠨᠢᠭᠡ ᠳᠣᠯᠣᠭᠠᠨ ᠴᠠᠭᠠᠨ ᠠᠷᠭᠠᠯᠢ
ᠶᠠᠪᠤᠵᠢᠨ ( ᠶᠠᠪᠤᠵᠤ ) ᠪᠠᠢᠪᠠ ᠭᠡᠨ᠎ᠡ
ᠨᠢᠭᠡ ᠶ᠋ᠢ ᠨᠢ ᠬᠠᠷᠪᠤᠭᠠᠳ ᠣᠷᠬᠢᠪᠠ ᠭᠡᠨ᠎ᠡ
ᠤᠨᠠᠭᠠᠳ ᠲᠤᠰᠤᠭᠰᠠᠨ ᠪᠠᠢᠪᠠ ᠭᠡᠨ᠎ᠡ
ᠬᠣᠶᠠᠷ ᠨᠢᠳᠦ ᠶ᠋ᠢ ᠨᠢ
ᠮᠠᠯᠲᠠᠵᠤ ᠠᠪᠤᠪᠠ ᠭᠡᠨ᠎ᠡ
ᠵᠦ ᠶ᠋ᠢᠨ ᠠᠷᠠᠰᠤ ᠶ᠋ᠢ ᠠᠪᠤᠪᠠ ᠭᠡᠨ᠎ᠡ
ᠪᠤᠯᠴᠢᠩ ᠤ᠋ᠨ ᠰᠢᠷᠪᠥᠰᠥ ᠶ᠋ᠢ ᠠᠪᠤᠪᠠ ᠭᠡᠨ᠎ᠡ
ᠲᠡᠨᠳᠡ ᠡᠴᠡ ᠨᠢ
ᠴᠠᠭᠠᠷ᠎ᠠ ( ᠴᠠᠰᠢ ᠪᠠᠨ ) ᠶᠠᠪᠤᠪᠠ ᠭᠡᠨ᠎ᠡ ᠃
ᠲᠡᠭᠡᠬᠦ ᠳ᠋ᠦ᠍ ᠬᠣᠶᠠᠷ ᠬᠤᠨ ᠬᠠᠷ᠎ᠠ ᠬᠡᠷᠢᠶ᠎ᠡ
ᠬᠦᠷᠦᠭᠡᠳ ᠢᠷᠡᠪᠡ ᠭᠡᠨ᠎ᠡ
《 ᠪᠡᠶ᠎ᠡ ᠶ᠋ᠢᠨ ᠴᠢᠨᠢ ᠨᠢᠳᠦ ᠮᠠᠯᠲᠠᠶᠤ ?
ᠮᠣᠷᠢᠨ ᠤ᠋ ᠴᠢᠨᠢ ᠨᠢᠳᠦ ᠮᠠᠯᠲᠠᠶᠤ ?》
ᠭᠡᠳ ᠢᠷᠡᠪᠡ ᠭᠡᠨ᠎ᠡ
《 ᠬᠥᠮᠦᠨ ᠦ᠌ ᠨᠢᠳᠦᠨ ᠫᠢᠷᠴᠢᠭᠢᠨᠡᠭᠰᠡᠨ ᠮᠠᠭᠤᠬᠠᠢ
ᠮᠣᠷᠢᠨ ᠤ᠋ ᠨᠢᠳᠦᠨ ᠭᠠᠰᠢᠭᠤᠨ ᠮᠠᠭᠤᠬᠠᠢ
ᠠᠷᠭᠠᠯᠢ ᠶ᠋ᠢᠨ ᠨᠢᠳᠦᠨ ᠠᠮᠲᠠᠲᠠᠢ ᠰᠠᠢᠬᠠᠨ! 》 ᠭᠡᠵᠦ
ᠬᠠᠶᠠᠵᠢᠨ ( ᠬᠠᠶᠠᠵᠤ ) ᠥᠭᠪᠡ ᠭᠡᠨ᠎ᠡ ᠃
ᠲᠡᠨᠳᠡ ᠡᠴᠡ ᠨᠢ
ᠴᠠᠭᠠᠷ᠎ᠠ ( ᠴᠠᠰᠢ ᠪᠠᠨ ) ᠶᠠᠪᠤᠪᠠ ᠭᠡᠨ᠎ᠡ᠃
ᠬᠣᠶᠠᠷ ᠭᠤᠷᠠᠩ ( ᠭᠤᠷᠠᠩᠬᠢ ) ᠬᠥᠬᠡ ᠴᠢᠨᠣ᠎ᠠ
ᠬᠦᠷᠦᠭᠡᠳ ᠢᠷᠡᠪᠡ ᠭᠡᠨ᠎ᠡ
《 ᠪᠡᠶ᠎ᠡ ᠶ᠋ᠢᠨ ᠴᠢᠨᠢ ᠪᠤᠯᠴᠢᠩ ᠰᠤᠭᠤᠴᠢᠶᠤ ?
ᠮᠣᠷᠢᠨ ᠤ᠋ ᠴᠢᠨᠢ ᠪᠤᠯᠴᠢᠩ ᠰᠤᠭᠤᠴᠢᠶᠤ ? 》
ᠭᠡᠳ ᠢᠷᠡᠪᠡ ᠭᠡᠨ᠎ᠡ
《 ᠬᠥᠮᠦᠨ ᠦ᠌ ᠪᠤᠯᠴᠢᠩ ᠬᠥᠭᠵᠢᠷᠬᠡᠢ ᠮᠠᠭᠤᠬᠠᠢ
ᠮᠣᠷᠢᠨ ᠤ᠋ ᠪᠤᠯᠴᠢᠩ ᠲᠦᠭᠵᠢᠷᠬᠡᠢ ᠮᠠᠭᠤᠬᠠᠢ
ᠠᠷᠭᠠᠯᠢ ᠶ᠋ᠢᠨ ᠪᠤᠯᠴᠢᠩ ᠠᠮᠲᠠᠲᠠᠢ ᠰᠠᠢᠬᠠᠨ! 》 ᠭᠡᠵᠦ
ᠬᠠᠶᠠᠵᠢᠨ ( ᠬᠠᠶᠠᠵᠤ ) ᠥᠭᠪᠡ ᠭᠡᠨ᠎ᠡ
ᠬᠤᠷᠠᠭᠠᠳ ᠰᠠᠭᠤᠭᠠᠳ ᠬᠣᠴᠣᠷᠪᠠ ᠭᠡᠨ᠎ᠡ ᠃
ᠲᠡᠨᠳᠡ ᠡᠴᠡ ᠨᠢ
ᠴᠠᠭᠠᠷ᠎ᠠ ( ᠴᠠᠰᠢ ᠪᠠᠨ ) ᠶᠠᠪᠤᠪᠠ ᠭᠡᠨ᠎ᠡ
ᠲᠡᠭᠡᠬᠦ ᠳ᠋ᠦ᠍ ᠬᠣᠶᠠᠷ ᠲᠡᠮᠦᠷ ᠡᠳᠡᠷᠡᠩ * ᠪᠠᠷᠢᠭᠰᠠᠨ
ᠬᠣᠶᠠᠷ ᠡᠮᠡᠭᠡᠨ ᠢᠷᠡᠪᠡ ᠭᠡᠨ᠎ᠡ ᠄
《 ᠪᠡᠶ᠎ᠡ ᠶ᠋ᠢᠨ ᠴᠢᠨᠢ ᠵᠦ ᠶ᠋ᠢᠨ ᠠᠷᠠᠰᠤ ᠡᠳᠡᠷᠡᠩᠳᠡᠶᠦ ?
ᠮᠣᠷᠢᠨ ᠤ᠋ ᠴᠢᠨᠢ ᠵᠦ ᠶ᠋ᠢᠨ ᠠᠷᠠᠰᠤ ᠡᠳᠡᠷᠡᠩᠳᠡᠶᠦ ? 》
ᠭᠡᠳ ᠢᠷᠡᠪᠡ ᠭᠡᠨ᠎ᠡ
《 ᠬᠥᠮᠦᠨ ᠦ᠌ ᠵᠦ ᠶ᠋ᠢᠨ ᠠᠷᠠᠰᠤᠨ ᠴᠢᠯᠠᠣ ᠮᠠᠭᠤᠬᠠᠢ
ᠮᠣᠷᠢᠨ ᠤ᠋ ᠵᠦ ᠶ᠋ᠢᠨ ᠠᠷᠠᠰᠤᠨ ᠲᠦᠭᠵᠢᠷᠬᠡᠢ ᠮᠠᠭᠤᠬᠠᠢ
ᠠᠷᠭᠠᠯᠢ ᠶ᠋ᠢᠨ ᠵᠦ ᠶ᠋ᠢᠨ ᠠᠷᠠᠰᠤᠨ ᠮᠢᠨᠳᠠᠰᠤᠨ ᠰᠠᠢᠬᠠᠨ!》 ᠭᠡᠵᠦ
ᠬᠠᠶᠠᠵᠢᠨ ( ᠬᠠᠶᠠᠵᠤ ) ᠥᠭᠪᠡ ᠭᠡᠨ᠎ᠡ
ᠳᠡᠭᠡᠷ᠎ᠡ ᠨᠢ ᠬᠤᠷᠠᠭᠠᠳ ᠰᠠᠭᠤᠭᠠᠳ ᠬᠣᠴᠣᠷᠪᠠ ᠭᠡᠨ᠎ᠡ ᠃
ᠲᠡᠨᠳᠡ ᠡᠴᠡ ᠨᠢ ᠴᠠᠭᠠᠷ᠎ᠠ ( ᠴᠠᠰᠢ ᠪᠠᠨ) ᠶᠠᠪᠤᠭᠠᠳ
ᠮᠠᠭᠤᠰ ᠤ᠋ᠨ ᠨᠤᠲᠤᠭ ᠲᠤ᠌ ᠬᠦᠷᠦᠭᠡᠳ ᠣᠳᠪᠠ ᠭᠡᠨ᠎ᠡ
ᠠᠪᠤ ᠨᠢ ᠮᠠᠭᠤᠰ ᠤ᠋ᠨ ᠦᠬᠡᠷ ᠬᠠᠷᠢᠭᠤᠯᠤᠭᠠᠳ
ᠶᠠᠪᠤᠵᠢᠨ ( ᠶᠠᠪᠤᠵᠤ ) ᠪᠠᠢᠪᠠ ᠭᠡᠨ᠎ᠡ
《 ᠠᠪᠤᠭᠠᠢ᠂ ᠠᠪᠤᠭᠠᠢ !
ᠡᠨᠡ ᠶᠡᠬᠡ ᠦᠬᠡᠷ ᠡᠴᠡ ᠲᠠᠨᠢ
ᠨᠢᠭᠡ ᠶ᠋ᠢ ᠨᠢ ᠦᠬᠦᠭᠦᠯᠦᠭᠡᠳ
ᠢᠳᠡᠭᠡᠳ ᠣᠷᠬᠢᠶᠤ ?》 ᠭᠡᠵᠦ ᠬᠡᠯᠡᠪᠡ ᠭᠡᠨ᠎ᠡ
《 ᠦ ᠂ ᠪᠣᠯᠳᠠᠭ ᠦᠭᠡᠢ ᠬᠥᠪᠡᠭᠦᠨ ᠮᠢᠨᠢ !
ᠪᠤᠷᠠᠭ᠎ᠠ ( ᠪᠤᠷᠭᠠᠰᠤᠨ ) ᠮᠣᠳᠣᠨ ᠪᠤᠲᠠᠷᠠᠲᠠᠯ᠎ᠠ
ᠰᠤᠬᠠᠢ ᠮᠣᠳᠣᠨ ᠰᠤᠨᠲᠠᠯ᠎ᠠ
ᠴᠣᠬᠢᠳᠠᠭ ᠪᠢᠯᠡ! 》 ᠭᠡᠵᠦ ᠬᠡᠯᠡᠪᠡ ᠭᠡᠨ᠎ᠡ ᠃
《 ᠠ ᠂ ᠭᠡᠮ ᠦᠭᠡᠢ! 》 ᠭᠡᠳ
ᠠᠷᠢᠭᠤᠨ ( ᠣᠩᠭᠣᠨ ) ᠬᠠᠷ᠎ᠠ ᠱᠠᠷ ᠢ᠋ ᠨᠢ
ᠦᠬᠦᠭᠦᠯᠦᠭᠡᠳ ᠢᠳᠡᠭᠡᠳ ᠣᠷᠬᠢᠪᠠ ᠭᠡᠨ᠎ᠡ
ᠠᠷᠠᠰᠤᠨ ᠳ᠋ᠤᠨᠢ ᠡᠪᠡᠰᠦ ᠴᠢᠬᠢᠵᠢᠨ ( ᠴᠢᠬᠢᠵᠦ ) ᠰᠢᠷᠪᠡᠭᠡᠳ
ᠳᠠᠭᠤᠵᠢᠨ ( ᠲᠠᠭᠤᠵᠤ ) ᠣᠷᠬᠢᠪᠠ ᠭᠡᠨ᠎ᠡ ᠃
《 ᠠᠪᠤᠭᠠᠢ ᠂ ᠠᠪᠤᠭᠠᠢ ᠮᠢᠬ᠎ᠠ ᠢᠳᠡ! 》 ᠭᠡᠵᠦ
ᠮᠢᠬᠠᠨ ᠠ᠋ᠴᠠ ᠨᠢ ᠥᠭᠪᠡ ᠭᠡᠨ᠎ᠡ
《 ᠠᠪᠤᠭᠠᠢ ᠂ ᠠᠪᠤᠭᠠᠢ ᠱᠥᠯᠥ ᠤᠤᠭᠤ !》 ᠭᠡᠵᠦ
ᠮᠥᠩᠭᠥ ᠲᠡᠢ ᠴᠦᠴᠡᠭᠡ ( ᠠᠶᠠᠭ᠎ᠠ ) ᠳ᠋ᠤ᠌ ᠪᠠᠨ
ᠱᠥᠯᠦᠨ ᠡᠴᠡ ᠨᠢ ᠬᠢᠵᠦ ᠥᠭᠪᠡ ᠭᠡᠨ᠎ᠡ
ᠮᠢᠬ᠎ᠠ ᠶ᠋ᠢ ᠨᠢ ᠢᠳᠡᠵᠢᠨ( ᠢᠳᠡᠵᠦ ) ᠣᠷᠬᠢᠭᠠᠳ
ᠴᠦᠴᠡᠭᠡ ( ᠠᠶᠠᠭ᠎ᠠ ) ᠲᠠᠢ ᠱᠥᠯᠥ ᠶ᠋ᠢ ᠨᠢ
ᠨᠢᠭᠡ ᠪᠠᠯᠭᠤᠭᠠᠳ ᠡᠷᠭᠢᠭᠦᠯᠦᠭᠡᠳ
ᠬᠣᠶᠠᠷ ᠪᠠᠯᠭᠤᠭᠠᠳ ᠡᠷᠭᠢᠭᠦᠯᠦᠭᠡᠳ ᠪᠠᠢᠪᠠ ᠭᠡᠨ᠎ᠡ ᠃
《 ᠦ᠋ ᠂ ᠠᠪᠤᠭᠠᠢ ᠮᠢᠨᠢ
ᠪᠢ ᠠᠶᠠᠨ ᠤ᠋ ᠬᠥᠮᠦᠨ
ᠶᠠᠭᠠᠷᠠᠵᠤ ᠵᠦᠳᠡᠵᠦ ᠶᠠᠪᠤᠨ᠎ᠠ
ᠴᠦᠴᠡᠭᠡ ( ᠠᠶᠠᠭ᠎ᠠ ) ᠶ᠋ᠢ ᠮᠢᠨᠢ
ᠨᠢᠭᠡ ᠰᠤᠯᠠᠳᠬᠠᠵᠢᠨ ( ᠬᠣᠭᠣᠰᠣᠯᠠᠵᠤ )ᠥᠭ ᠲᠠ?》
ᠭᠡᠵᠦ ᠬᠡᠯᠡᠪᠡ ᠭᠡᠨ᠎ᠡ
ᠲᠡᠭᠡᠬᠦ ᠳ᠋ᠦ᠍
《 ᠦ ᠂ ᠬᠥᠪᠡᠭᠦᠨ ᠮᠢᠨᠢ ᠂ ᠬᠥᠪᠡᠭᠦᠨ ᠮᠢᠨᠢ
ᠡᠨᠡ ᠮᠢᠨᠦ ᠬᠥᠪᠡᠭᠦᠨ ᠦ᠌ ᠴᠦᠴᠡᠭᠡ ( ᠠᠶᠠᠭ᠎ᠠ ) ᠳ᠋ᠤ᠌
ᠶᠠᠮᠠᠷ ᠭᠡᠭᠴᠢ ᠠᠳᠠᠯᠢ ᠴᠦᠴᠡᠭᠡ ( ᠠᠶᠠᠭ᠎ᠠ ) ᠪᠣᠢ?》
ᠭᠡᠵᠦ ᠬᠡᠯᠡᠪᠡ ᠭᠡᠨ᠎ᠡ ᠃
《 ᠬᠠᠢ᠂ ᠬᠡᠨ ᠮᠡᠳᠡᠬᠦ ᠤᠤ?
ᠲᠠᠨ ᠤ᠋ ᠬᠥᠪᠡᠭᠦᠨ ᠦ᠌ ᠴᠦᠴᠡᠭᠡ ( ᠠᠶᠠᠭ᠎ᠠ )
ᠪᠠᠢᠭᠰᠠᠨ ᠴᠤ᠌ ᠪᠢᠵᠡ
ᠪᠣᠯᠵᠣᠭᠠᠲᠤ ᠶᠢᠨ ᠪᠣᠷᠣ ᠱᠣᠪᠣᠭᠣᠷ ᠭᠡᠳᠡᠭ ᠭᠠᠵᠠᠷ ᠲᠤ᠌
ᠮᠣᠷᠢᠨ ᠬᠥᠮᠦᠨ ᠭᠢᠰᠬᠢᠭᠡᠳ ᠬᠠᠶᠠᠭᠰᠠᠨ ᠢ᠋ ᠪᠢ
ᠳᠠᠬᠢᠨ ᠮᠥᠩᠭᠥᠯᠡᠵᠦ ᠠᠪᠤᠭᠰᠠᠨ ᠪᠠᠢᠯ᠎ᠠ !》
ᠭᠡᠵᠦ ᠬᠡᠯᠡᠪᠡ ᠭᠡᠨ᠎ᠡ ᠃
《 ᠠ᠂ ᠲᠡᠭᠡᠭᠡᠳ ᠶᠠᠭᠤ ᠪᠠᠢᠬᠤ ᠤᠤ ?
ᠮᠢᠨᠦ ᠲᠡᠷᠡ ᠮᠠᠭᠤ ᠵᠦᠢᠯᠦᠭ ( ᠲᠡᠨᠡᠭ ) ᠬᠥᠪᠡᠭᠦᠨ
ᠴᠦᠴᠡᠭᠡ ( ᠠᠶᠠᠭ᠎ᠠ ) ᠪᠠᠨ ᠬᠠᠶᠠᠵᠢᠨ ( ᠬᠠᠶᠠᠵᠤ ) ᠣᠷᠬᠢᠭᠠᠳ
ᠲᠡᠨᠦᠭᠡᠳ ᠶᠠᠪᠤᠵᠢᠨ ( ᠶᠠᠪᠤᠵᠤ ) ᠣᠳᠴᠠᠢ ! 》 ᠭᠡᠳ
ᠬᠣᠢᠷᠠ ᠪᠠᠨ ᠤᠨᠠᠭᠠᠳ
ᠳᠤᠬᠤ ᠪᠠᠨ ᠴᠥᠮᠥᠯᠦᠭᠡᠳ
ᠡᠮᠦᠷ᠎ᠡ ( ᠣᠷᠣᠭᠰᠢ ) ᠪᠠᠨ ᠤᠨᠠᠭᠠᠳ
ᠮᠠᠩᠨᠠᠢ ᠪᠠᠨ ᠴᠥᠮᠥᠯᠵᠢᠨ ᠪᠠᠢᠪᠠ ᠭᠡᠨ᠎ᠡ ᠃
ᠲᠡᠨᠳᠡ ᠡᠴᠡ ᠨᠢ ᠴᠠᠭᠠᠷ᠎ᠠ ( ᠴᠠᠰᠢ ᠪᠠᠨ ) ᠶᠠᠪᠤᠪᠠ ᠭᠡᠨ᠎ᠡ ᠃
ᠡᠬᠡ ᠨᠢ ᠮᠠᠭᠤᠰ ᠤ᠋ᠨ ᠬᠣᠨᠢ ᠬᠠᠷᠢᠭᠤᠯᠤᠭᠠᠳ
ᠶᠠᠪᠤᠵᠢᠨ ( ᠶᠠᠪᠤᠵᠤ ) ᠪᠠᠢᠪᠠ ᠭᠡᠨ᠎ᠡ
《 ᠡᠵᠢ ᠮᠢᠨᠢ ᠂ ᠡᠵᠢ ᠮᠢᠨᠢ
ᠡᠨᠡ ᠶᠡᠬᠡ ᠬᠣᠨᠢ ᠠ᠋ᠴᠠ ᠲᠠᠨᠢ
ᠨᠢᠭᠡ ᠶ᠋ᠢ ᠨᠢ ᠦᠬᠦᠭᠦᠯᠦᠭᠡᠳ
ᠢᠳᠡᠭᠡᠳ ᠣᠷᠬᠢᠶᠤ? 》 ᠭᠡᠵᠦ ᠬᠡᠯᠡᠪᠡ ᠭᠡᠨ᠎ᠡ ᠃
《 ᠦ ᠂ ᠬᠥᠪᠡᠭᠦᠨ ᠮᠢᠨᠢ ᠪᠣᠯᠳᠠᠭ ᠦᠭᠡᠢ !
ᠠᠰᠬᠠᠨ ( ᠦᠳᠡᠰᠢ ) ᠳ᠋ᠦ᠍ ᠬᠢᠯᠭᠠᠰᠤᠨ ᠳᠡᠭᠡᠭᠦᠷ
ᠴᠠᠭᠠᠷ᠎ᠠ ( ᠴᠠᠰᠢ ᠪᠠᠨ ) ᠲᠣᠭᠠᠯᠠᠵᠢᠨ ( ᠲᠣᠭᠠᠯᠠᠵᠤ ) ᠥᠭᠳᠡᠭ ᠪᠢᠯᠡ
ᠦᠷᠦᠭᠦᠨ ( ᠥᠷᠯᠥᠭᠡ ) ᠳ᠋ᠦ᠍ ᠬᠥᠨᠳᠡᠢ ᠮᠣᠳᠣᠨ ᠳᠣᠲᠣᠷ᠎ᠠ ᠪᠠᠷ
ᠨᠠᠭᠠᠷ᠎ᠠ ᠲᠣᠭᠠᠯᠠᠵᠢᠨ ( ᠨᠡᠰᠢ ᠲᠣᠭᠠᠯᠠᠵᠤ ) ᠥᠭᠳᠡᠭ ᠪᠢᠯᠡ
ᠪᠤᠷᠠᠭ᠎ᠠ ( ᠪᠤᠷᠭᠠᠰᠤᠨ ) ᠮᠣᠳᠣᠨ ᠪᠤᠲᠠᠷᠠᠲᠠᠯ᠎ᠠ
ᠰᠤᠬᠠᠢ ᠮᠣᠳᠣᠨ ᠰᠤᠨᠲᠠᠯ᠎ᠠ ᠴᠣᠬᠢᠳᠠᠭ ᠪᠢᠯᠡ! 》
ᠭᠡᠵᠦ ᠬᠡᠯᠡᠪᠡ ᠭᠡᠨ᠎ᠡ᠃
《 ᠠ ᠂ ᠭᠡᠮ ᠦᠭᠡᠢ! 》 ᠭᠡᠳ
ᠠᠷᠢᠭᠤᠨ ( ᠣᠩᠭᠣᠨ ) ᠬᠠᠷ᠎ᠠ ᠢᠷᠭᠡ ᠶ᠋ᠢ ᠨᠢ
ᠦᠬᠦᠭᠦᠯᠦᠭᠡᠳ ᠢᠳᠡᠭᠡᠳ ᠣᠷᠬᠢᠪᠠ ᠭᠡᠨ᠎ᠡ
ᠠᠷᠠᠰᠤᠨ ᠳ᠋ᠤᠨᠢ ᠡᠪᠡᠰᠦ ᠴᠢᠬᠢᠭᠡᠳ
ᠰᠢᠷᠪᠡᠭᠡᠳ ᠳᠠᠭᠤᠵᠢᠨ ( ᠲᠠᠭᠤᠵᠤ ) ᠣᠷᠬᠢᠪᠠ ᠭᠡᠨ᠎ᠡ ᠃
《 ᠡᠵᠢ ᠂ ᠡᠵᠢ ᠮᠢᠬ᠎ᠠ ᠢᠳᠡ! 》 ᠭᠡᠵᠦ
ᠮᠢᠬᠠᠨ ᠠ᠋ᠴᠠ ᠨᠢ ᠥᠭᠪᠡ ᠭᠡᠨ᠎ᠡ
《 ᠡᠵᠢ ᠂ ᠡᠵᠢ ᠱᠥᠯᠥ ᠤᠤᠭᠤ! 》 ᠭᠡᠵᠦ
ᠮᠥᠩᠭᠥ ᠲᠡᠢ ᠴᠦᠴᠡᠭᠡ ( ᠠᠶᠠᠭ᠎ᠠ ) ᠳ᠋ᠤ᠌ ᠪᠠᠨ
ᠱᠥᠯᠦᠨ ᠡᠴᠡ ᠨᠢ ᠬᠢᠵᠦ ᠥᠭᠪᠡ ᠭᠡᠨ᠎ᠡ ᠃
ᠮᠢᠬ᠎ᠠ ᠶ᠋ᠢ ᠨᠢ ᠢᠳᠡᠵᠢᠨ ( ᠢᠳᠡᠵᠦ ) ᠣᠷᠬᠢᠭᠠᠳ
ᠴᠦᠴᠡᠭᠡ ( ᠠᠶᠠᠭ᠎ᠠ ) ᠲᠠᠢ ᠱᠥᠯᠥ ᠶ᠋ᠢ ᠨᠢ
ᠨᠢᠭᠡ ᠪᠠᠯᠭᠤᠭᠠᠳ ᠯᠠ ᠡᠷᠭᠢᠭᠦᠯᠦᠭᠡᠳ
ᠬᠣᠶᠠᠷ ᠪᠠᠯᠭᠤᠭᠠᠳ ᠯᠠ ᠡᠷᠭᠢᠭᠦᠯᠦᠭᠡᠳ ᠪᠠᠢᠪᠠ ᠭᠡᠨ᠎ᠡ
《 ᠦ᠂ ᠡᠵᠢ ᠮᠢᠨᠢ᠂
ᠪᠢ ᠠᠶᠠᠨ ᠤ᠋ ᠬᠥᠮᠦᠨ
ᠶᠠᠭᠠᠷᠠᠵᠤ ᠵᠦᠳᠡᠵᠦ ᠶᠠᠪᠤᠨ᠎ᠠ
ᠴᠦᠴᠡᠭᠡ ( ᠠᠶᠠᠭ᠎ᠠ ) ᠶ᠋ᠢ ᠮᠢᠨᠢ
ᠰᠤᠯᠠᠳᠬᠠᠵᠢᠨ ( ᠬᠣᠭᠣᠰᠣᠯᠠᠵᠤ ) ᠥᠭ ᠲᠠ ! 》
ᠭᠡᠵᠦ ᠬᠡᠯᠡᠪᠡ ᠭᠡᠨ᠎ᠡ ᠃
《 ᠦ ᠂ ᠬᠥᠪᠡᠭᠦᠨ ᠮᠢᠨᠢ
ᠡᠨᠡ ᠮᠢᠨᠦ ᠬᠥᠪᠡᠭᠦᠨ ᠦ᠌ ᠴᠦᠴᠡᠭᠡ ( ᠠᠶᠠᠭ᠎ᠠ ) ᠳ᠋ᠤ᠌
ᠶᠠᠮᠠᠷ ᠭᠡᠭᠴᠢ ᠠᠳᠠᠯᠢ ᠴᠦᠴᠡᠭᠡ ( ᠠᠶᠠᠭ᠎ᠠ ) ᠪᠣᠢ? 》
ᠭᠡᠵᠦ ᠬᠡᠯᠡᠪᠡ ᠭᠡᠨ᠎ᠡ
ᠲᠡᠭᠡᠬᠦ ᠳ᠋ᠦ᠍ 《 ᠦ ᠂ ᠶᠠᠭᠠᠬᠢᠯ᠎ᠠ
ᠠᠩᠬᠠᠨ ᠴᠠᠭ ᠲᠤ᠌
ᠪᠢ ᠭᠡᠷ ᠲᠦ᠍ ᠡᠴᠡ ᠪᠡᠨ ᠭᠠᠷᠤᠭᠠᠳ
ᠶᠠᠪᠤᠵᠢᠨ ( ᠶᠠᠪᠤᠵᠤ ) ᠪᠠᠢᠬᠤ ᠴᠠᠭ ᠲᠤ᠌
ᠡᠬᠡ ᠠᠪᠤ ᠬᠣᠶᠠᠷ ᠮᠢᠨᠢ
ᠠᠶᠠᠷ ( ᠬᠣᠵᠢᠮ ) ᠬᠥᠪᠡᠭᠦᠨ ᠮᠢᠨᠢ
ᠪᠠᠭᠤᠬᠤ ( ᠢᠷᠡᠬᠦ ) ᠴᠠᠭ ᠲᠤ᠌
ᠡᠬᠡ ᠠᠪᠤ ᠬᠣᠶᠠᠷ ᠴᠢᠨᠢ
ᠠᠮᠢᠳᠤ ᠪᠠᠢᠬᠤ ᠶᠤᠮ ᠪᠢᠯᠡ ᠤᠤ
ᠦᠭᠡᠢ ᠪᠢᠯᠡ ᠤᠤ ? ᠭᠡᠵᠦ
ᠬᠤᠨᠴᠢᠨ ᠰᠢᠩᠭᠢ ( ᠰᠢᠭ )
ᠳᠠᠭᠤ ᠳᠠᠭᠤ ᠪᠠᠨ ᠨᠡᠢᠯᠡᠭᠦᠯᠦᠭᠡᠳ
ᠬᠤᠯᠠᠨ ᠵᠢᠩᠬᠢᠯᠲᠡᠢ ᠰᠢᠩᠭᠢ ( ᠰᠢᠭ )
ᠵᠢᠰᠦ ᠵᠢᠰᠦ ᠪᠡᠨ ᠨᠡᠢᠯᠡᠭᠦᠯᠦᠭᠡᠳ
ᠮᠥᠷᠰᠦᠨ ᠬᠠᠷ᠎ᠠ ᠴᠡᠴᠡᠭᠡᠢ ᠡᠴᠡ ᠨᠢ
ᠮᠥᠨᠳᠥᠷ ᠰᠢᠩᠭᠢ ( ᠰᠢᠭ ) ᠨᠢᠯᠪᠤᠰᠤᠨ
ᠠᠰᠬᠠᠷᠴᠢᠨ ( ᠠᠰᠬᠠᠷᠴᠤ ) ᠪᠠᠢᠯ᠎ᠠ ᠃
ᠡᠦᠲᠦ ᠡᠨᠡ ᠮᠠᠭᠤ ᠠᠮᠢᠲᠠᠨ ᠤ᠋ ᠭᠠᠷ ᠲᠤ᠌
ᠢᠩᠭᠢᠭᠡᠳ ᠲᠡᠨᠦᠵᠦ ᠪᠠᠢᠬᠤ ᠴᠠᠭ ᠲᠤ᠌
ᠪᠢ ᠰᠠᠢᠨ ᠨᠠᠪᠤ ᠶ᠋ᠢᠨ ᠢ᠋ᠶ᠋ᠡᠨ
ᠰᠡᠳᠬᠢᠯ ᠢ᠋ ᠨᠢᠭᠡ ᠶᠡᠬᠡ ᠴᠢᠯᠡᠭᠡᠭᠰᠡᠨ ( ᠰᠢᠨᠠᠯᠭᠠᠭᠠᠳ )
ᠶᠠᠭᠤ ᠪᠠᠢᠨ᠎ᠠ ?
ᠨᠠᠳᠠ ᠨᠢᠭᠡ ᠦᠬᠦᠬᠦ ᠶ᠋ᠢᠨ
ᠪᠠᠷᠴᠢᠳ ᠪᠠᠢᠭᠰᠠᠨ ᠪᠣᠯᠲᠤᠭᠠᠢ
ᠪᠢ ᠠᠴᠢᠲᠤ ᠴᠠᠭᠠᠨ ᠡᠬᠡ ᠪᠡᠨ
ᠲᠡᠭᠡᠬᠦ ᠦᠭᠡᠢ! 》 ᠭᠡᠵᠦ ᠬᠡᠯᠡᠭᠡᠳ
ᠤᠷᠢᠳᠤ ᠬᠠᠨ ᠴᠡᠩᠭᠡᠯ ᠬᠥᠪᠡᠭᠦᠨ
ᠶᠠᠩᠵᠤ ᠪᠠᠷ ᠢ᠋ᠶ᠋ᠠᠨ ᠦᠵᠡᠭᠳᠡᠭᠡᠳ ᠣᠷᠬᠢᠪᠠ ᠭᠡᠨ᠎ᠡ᠃
ᠲᠡᠭᠡᠬᠦ ᠳ᠋ᠦ᠍ ᠶᠠᠭᠤ ᠪᠠᠢᠬᠤ ᠂ ᠡᠬᠡ ᠨᠢ ᠄
《 ᠮᠢᠨᠦ ᠨᠠᠷᠠᠨ ᠭᠠᠷᠤᠯ᠎ᠠ ᠠᠪᠠᠢ *
ᠴᠢᠨᠦ ᠨᠠᠷᠠᠨ ᠨᠢᠭᠤᠯ᠎ᠠ ᠠᠪᠠᠢ * ! 》 ᠭᠡᠵᠦ ᠬᠡᠯᠡᠭᠡᠳ
ᠬᠤᠷᠠᠭ᠎ᠠ ᠬᠤᠷᠠᠭ᠎ᠠ ᠪᠠᠨ
ᠲᠥᠯᠥᠭᠡ ᠲᠥᠯᠥᠭᠡ ᠶ᠋ᠢ ᠴᠣᠬᠢᠭᠠᠳ
ᠲᠥᠯᠥᠭᠡ ᠲᠥᠯᠥᠭᠡ ᠪᠡᠨ
ᠬᠤᠷᠠᠭ᠎ᠠ ᠬᠤᠷᠠᠭ᠎ᠠ ᠶ᠋ᠢ ᠴᠣᠬᠢᠭᠠᠳ
ᠮᠠᠭᠤᠰ ᠤ᠋ᠨ ᠬᠣᠨᠢ ᠶ᠋ᠢ
ᠦᠳᠡ ᠨᠠᠷᠠ ᠪᠠᠷ * ᠬᠥᠭᠡᠭᠡᠳ
ᠶᠠᠪᠤᠵᠢᠨ ( ᠶᠠᠪᠤᠵᠤ ) ᠣᠳᠪᠠ ᠭᠡᠨ᠎ᠡ᠃
ᠲᠡᠭᠡᠬᠦ ᠳ᠋ᠦ᠍ ᠮᠠᠭᠤᠰ ᠤ᠋ᠨ ᠬᠠᠲᠤᠨ ᠭᠠᠷᠴᠤ
ᠬᠠᠯᠢᠶᠠᠵᠢᠨ ( ᠬᠠᠷᠠᠵᠤ ) ᠣᠷᠬᠢᠭᠠᠳ ᠄
《 ᠡᠨᠡ ᠮᠠᠭᠤ ᠰᠢᠷ᠎ᠠ ᠭᠣᠩᠮᠤ *
ᠮᠢᠨᠦ ᠨᠠᠷᠠᠨ ᠭᠠᠷᠤᠯ᠎ᠠ ᠠᠪᠠᠢ *
ᠴᠢᠨᠦ ᠨᠠᠷᠠᠨ ᠨᠢᠭᠤᠯ᠎ᠠ ᠠᠪᠠᠢ * ! 》 ᠭᠡᠵᠦ ᠬᠡᠯᠡᠭᠡᠳ
ᠬᠤᠷᠠᠭ᠎ᠠ ᠬᠤᠷᠠᠭ᠎ᠠ ᠪᠠᠨ
ᠲᠥᠯᠥᠭᠡ ᠲᠥᠯᠥᠭᠡ ᠶ᠋ᠢ ᠨᠢ ᠴᠣᠬᠢᠭᠠᠳ
ᠲᠥᠯᠥᠭᠡ ᠲᠥᠯᠥᠭᠡ ᠪᠡᠨ
ᠬᠤᠷᠠᠭ᠎ᠠ ᠬᠤᠷᠠᠭ᠎ᠠ ᠶ᠋ᠢ ᠨᠢ ᠴᠣᠬᠢᠭᠠᠳ
ᠦᠳᠡ ᠨᠠᠷᠠ ᠪᠠᠷ ᠬᠣᠨᠢ ᠬᠥᠭᠡᠭᠡᠳ
ᠢᠷᠡᠵᠢᠨ( ᠢᠷᠡᠵᠦ ) ᠪᠠᠢᠨ᠎ᠠ 》
ᠭᠡᠵᠦ ᠬᠡᠯᠡᠪᠡ ᠭᠡᠨ᠎ᠡ ᠃
ᠲᠡᠭᠡᠬᠦ ᠳ᠋ᠦ᠍ ᠮᠠᠭᠤᠰ ᠬᠡᠯᠡᠪᠡ ᠭᠡᠨ᠎ᠡ
《 ᠠ ᠂ ᠲᠡᠭᠡᠭᠡᠳ ᠶᠠᠭᠤᠨ ᠪᠠᠢᠬᠤ ᠤᠤ
ᠬᠠᠷ᠎ᠠ ᠭᠢᠨᠠᠷᠢ ᠬᠦᠷᠦᠭᠡᠳ ᠢᠷᠡᠭᠰᠡᠨ ᠪᠠᠢᠯᠭᠦᠢ
ᠮᠢᠨᠦ ᠬᠣᠪᠴᠢ ᠰᠢᠷ᠎ᠠ ᠪᠢᠴᠢᠭ ᠢ᠋ ᠠᠪᠤᠭᠠᠳ ᠥᠭ ! 》
ᠭᠡᠵᠦ ᠬᠡᠯᠡᠪᠡ ᠭᠡᠨ᠎ᠡ
ᠬᠣᠪᠴᠢ ᠰᠢᠷ᠎ᠠ ᠪᠢᠴᠢᠭ ᠢ᠋ ᠨᠢ
ᠠᠪᠤᠭᠠᠳ ᠥᠭᠬᠦ ᠳ᠋ᠦ᠍
ᠬᠠᠯᠢᠶᠠᠬᠤ ( ᠦᠵᠡᠬᠦ ) ᠵᠠᠭᠤᠷ᠎ᠠ ᠨᠢ
ᠵᠠᠯᠠᠭ᠎ᠠ ᠨᠢ ᠬᠦᠷᠡᠯ ᠬᠠᠷᠴᠠᠭᠠᠢ ᠳ᠋ᠤ᠌
ᠬᠤᠪᠢᠯᠵᠢᠨ( ᠬᠤᠪᠢᠯᠵᠤ ) ᠢᠷᠡᠭᠡᠳ
ᠠᠮᠠᠨ ᠡᠭᠦᠳᠡᠨ ᠭᠣᠣᠯ ᠤᠷᠤᠭᠤ ᠨᠢ
ᠴᠢᠯᠠᠭᠤᠳᠠᠭᠠᠳ ᠣᠷᠬᠢᠪᠠ ᠭᠡᠨ᠎ᠡ ᠃
ᠠ ᠂ ᠶᠠᠭᠤᠨ ᠪᠠᠢᠬᠤ ᠤᠤ
ᠬᠠᠷ᠎ᠠ ᠭᠢᠨᠠᠷᠢ ᠬᠦᠷᠦᠭᠡᠳ ᠢᠷᠡᠵᠡᠢ ᠡᠰᠡ ᠦᠵᠡᠪᠡ ! 》
ᠭᠡᠵᠦ ᠬᠡᠯᠡᠪᠡ ᠭᠡᠨ᠎ᠡ ᠃
ᠲᠡᠭᠡᠭᠡᠳ ᠭᠠᠵᠠᠭ᠎ᠠ ( ᠭᠠᠳᠠᠨ᠎ᠠ ) ᠠ᠋ᠴᠠ
ᠬᠠᠬᠢᠷᠤᠭᠠᠳ ( ᠬᠠᠰᠬᠢᠷᠤᠭᠠᠳ ) ᠪᠠᠢᠬᠤ ᠨᠢ
ᠠᠷᠭ᠎ᠠ ᠦᠭᠡᠢ ᠶᠦᠮ ᠪᠠᠢᠪᠠ ᠭᠡᠨ᠎ᠡ
《 ᠴᠢ ᠮᠠᠨ᠎ᠠ ᠬᠣᠶᠠᠷ ᠮᠢᠬ᠎ᠠ ᠴᠢᠰᠤ ᠪᠠᠨ
ᠬᠡᠵᠢᠶ᠎ᠡ ᠤᠤᠭᠤᠬᠤ ᠶᠤᠮ ᠪᠠᠢᠨ᠎ᠠ ? 》 ᠭᠡᠵᠦ
ᠬᠠᠬᠢᠷᠤᠭᠠᠳ ( ᠬᠠᠰᠬᠢᠷᠤᠭᠠᠳ ) ᠪᠠᠢᠬᠤ ᠨᠢ
ᠠᠷᠭ᠎ᠠ ᠦᠭᠡᠢ ᠶᠦᠮ ᠪᠠᠢᠪᠠ ᠭᠡᠨ᠎ᠡ
《 ᠴᠢ ᠮᠠᠨ᠎ᠠ ᠬᠣᠶᠠᠷ
ᠮᠠᠩᠭᠠᠷ ᠦᠷᠦᠭᠦᠨ ( ᠮᠠᠷᠭᠠᠰᠢ ᠥᠷᠯᠥᠭᠡ )
ᠭᠠᠵᠠᠷ ᠲᠡᠭᠷᠢ ᠶ᠋ᠢᠨ ᠥᠩᠭᠡ ᠲᠠᠨᠢᠭᠳᠠᠬᠤ ᠴᠠᠭ ᠲᠤ᠌
ᠮᠢᠬ᠎ᠠ ᠴᠢᠰᠤ ᠪᠠᠨ ᠤᠤᠭᠤᠶ᠎ᠠ ! 》 ᠭᠡᠵᠦ
ᠮᠠᠭᠤᠰ ᠭᠡᠷ ᠲᠦ᠍ ᠡᠴᠡ ᠪᠡᠨ
ᠬᠠᠬᠢᠷᠤᠭᠰᠠᠨ ( ᠬᠠᠰᠬᠢᠷᠤᠭᠰᠠᠨ ) ᠪᠠᠢᠪᠠ ᠭᠡᠨ᠎ᠡ
《 ᠪᠠᠢᠭᠰᠠᠨ ᠢ᠋ ᠮᠢᠨᠢ ᠣᠯᠵᠠᠯᠠᠭᠰᠠᠨ ᠴᠢ ᠲᠥᠷᠥᠭᠦᠯᠬᠦ ᠤᠤ ?
ᠪᠠᠢᠭᠰᠠᠨ ᠢ᠋ᠶ᠋ᠠᠨ ᠣᠯᠵᠠᠯᠠᠭᠤᠯᠤᠭᠰᠠᠨ ᠪᠢ ᠲᠥᠷᠥᠭᠦᠯᠬᠦ ᠤᠤ ? 》 ᠭᠡᠳ
ᠬᠠᠬᠢᠷᠤᠭᠠᠳ ( ᠬᠠᠰᠬᠢᠷᠤᠭᠠᠳ ) ᠪᠠᠢᠬᠤ ᠨᠢ
ᠠᠷᠭ᠎ᠠ ᠦᠭᠡᠢ ᠶᠦᠮ ᠪᠠᠢᠪᠠ ᠭᠡᠨ᠎ᠡ
《 ᠪᠠᠢᠭᠰᠠᠨ ᠢ᠋ ᠴᠢᠨᠢ ᠣᠯᠵᠠᠯᠠᠭᠰᠠᠨ ᠪᠢ ᠲᠦᠷᠦᠭᠦᠯᠡᠨ᠎ᠡ 》 ᠭᠡᠵᠦ
ᠭᠡᠷ ᠲᠦ᠍ ᠡᠴᠡ ᠪᠡᠨ ᠬᠠᠬᠢᠷᠪᠠ ( ᠬᠠᠰᠬᠢᠷᠪᠠ ) ᠭᠡᠨ᠎ᠡ᠃
ᠲᠡᠭᠡᠭᠡᠳ ᠮᠠᠩᠭᠠᠷ ᠦᠷᠦᠭᠦᠨ( ᠮᠠᠷᠭᠠᠰᠢ ᠥᠷᠯᠥᠭᠡ ) ᠨᠢ
ᠭᠠᠵᠠᠷ ᠲᠡᠭᠷᠢ ᠶ᠋ᠢᠨ ᠥᠩᠭᠡ ᠲᠠᠨᠢᠭᠳᠠᠬᠤ ᠴᠠᠭ ᠲᠤ᠌
ᠬᠠᠨ ᠴᠡᠩᠭᠡᠯ ᠬᠥᠪᠡᠭᠦᠨ
ᠡᠭᠦᠳᠡᠨ ᠴᠣᠨᠳᠣᠭ ᠳᠡᠭᠡᠷ᠎ᠡ ᠨᠢ
ᠬᠦᠷᠡᠯ ᠬᠠᠷᠴᠠᠭᠠᠢ ᠳ᠋ᠤ᠌ ᠬᠤᠪᠢᠯᠤᠭᠠᠳ
ᠰᠠᠭᠤᠵᠢᠨ ( ᠰᠠᠭᠤᠵᠤ ) ᠪᠠᠢᠪᠠ ᠭᠡᠨ᠎ᠡ᠃
ᠮᠠᠭᠤᠰ ᠣᠷᠣᠨ ( ᠬᠠᠨᠵᠤᠨ ) ᠤ᠋ ᠰᠢᠷᠡᠭᠡ ᠳᠡᠭᠡᠷ᠎ᠡ ᠡᠴᠡ
ᠰᠠᠭᠠᠳᠠᠭ ᠨᠤᠮᠤ ᠪᠠᠨ ᠲᠠᠲᠠᠵᠢᠨ ᠲᠠᠲᠠᠵᠢᠨ ( ᠲᠠᠲᠠᠵᠤ ) ᠢᠷᠡᠭᠡᠳ
ᠨᠢᠭᠡ ᠲᠠᠯᠪᠢᠭᠠᠳ ᠣᠷᠬᠢᠪᠠ ᠭᠡᠨ᠎ᠡ
ᠬᠠᠮᠢᠭ᠎ᠠ ᠶᠠᠪᠤᠭᠰᠠᠨ? ᠦᠭᠡᠢ ᠪᠣᠯᠪᠠ ᠭᠡᠨ᠎ᠡ᠃
ᠠᠷᠤ ᠳ᠋ᠤᠨᠢ ( ᠳᠠᠷᠠᠭ᠎ᠠ ᠨᠢ )
ᠬᠠᠨ ᠴᠡᠩᠭᠡᠯ ᠬᠥᠪᠡᠭᠦᠨ
ᠰᠠᠭᠠᠳᠠᠭ ᠨᠤᠮᠤ ᠪᠠᠨ ᠲᠠᠲᠠᠭᠠᠳ ᠢᠷᠡᠪᠡ ᠭᠡᠨ᠎ᠡ
ᠮᠠᠭᠤᠰ ᠣᠷᠣᠨ ( ᠬᠠᠨᠵᠤᠨ ) ᠤ᠋ ᠪᠠᠨ ᠰᠢᠷᠡᠭᠡ ᠳᠡᠭᠡᠷ᠎ᠡ
ᠬᠠᠷ᠎ᠠ ᠰᠢᠮᠢ ( ᠮᠤᠤᠷ ) ᠲᠤ᠌ ᠬᠤᠪᠢᠯᠤᠨ
ᠰᠠᠭᠤᠵᠢᠨ ( ᠰᠠᠭᠤᠵᠤ ) ᠪᠠᠢᠪᠠ ᠭᠡᠨ᠎ᠡ
ᠲᠠᠲᠠᠵᠢᠨ ᠲᠠᠲᠠᠵᠢᠨ ( ᠲᠠᠲᠠᠵᠤ ) ᠢᠷᠡᠭᠡᠳ
ᠲᠠᠯᠪᠢᠭᠠᠳ ᠣᠷᠬᠢᠬᠤ ᠳ᠋ᠤ᠌
ᠮᠠᠭᠤᠰ ᠤ᠋ᠨ ᠴᠠᠭᠠᠨ ᠭᠣᠣᠯ ᠢ᠋
ᠲᠠᠰᠤ ᠲᠠᠯᠪᠢᠭᠠᠳ ᠣᠷᠬᠢᠭᠰᠠᠨ ᠪᠠᠢᠪᠠ ᠭᠡᠨ᠎ᠡ᠃
ᠲᠡᠭᠡᠵᠢᠨ ( ᠲᠡᠭᠡᠵᠦ ) ᠣᠷᠬᠢᠭᠠᠳ
ᠡᠦᠲᠦ ᠰᠠᠢᠬᠢ ( ᠰᠠᠶᠢᠬᠢ ) ᠮᠠᠭᠤᠰ ᠤ᠋ᠨ ᠬᠠᠲᠤᠨ
ᠬᠠᠳᠴᠡᠢ( ᠬᠠᠮᠢᠭ᠎ᠠ ᠪᠠᠢᠨ᠎ᠠ )? ᠭᠡᠳ
ᠭᠠᠷᠤᠭᠠᠳ ᠢᠷᠡᠭᠰᠡᠨ ᠪᠠᠢᠪᠠ ᠭᠡᠨ᠎ᠡ
ᠲᠡᠭᠡᠬᠦ ᠳ᠋ᠦ᠍ ᠭᠠᠵᠠᠭ᠎ᠠ ( ᠭᠠᠳᠠᠨ᠎ᠠ )
ᠡᠬᠡ ᠠᠪᠤ ᠬᠣᠶᠠᠷ ᠨᠢ
ᠮᠠᠭᠤᠰ ᠤ᠋ᠨ ᠬᠠᠲᠤᠨ ᠢ᠋
ᠳᠡᠮᠨᠡᠭᠡᠳ ( ᠬᠠᠮᠵᠢᠯᠴᠠᠨ ) ᠴᠣᠬᠢᠭᠠᠳ ᠦᠬᠦᠭᠦᠯᠦᠭᠡᠳ
ᠣᠷᠬᠢᠭᠰᠠᠨ ᠪᠠᠢᠪᠠ ᠭᠡᠨ᠎ᠡ
ᠲᠡᠭᠡᠭᠡᠳ ᠮᠠᠭᠤᠰ ᠢ᠋ ᠳᠠᠷᠤᠵᠢᠨ ( ᠳᠠᠷᠤᠵᠤ ) ᠣᠷᠬᠢᠭᠠᠳ
ᠡᠵᠢ ᠠᠪᠤ ᠠᠯᠪᠠᠲᠤ ᠬᠣᠰᠢᠭᠤ ᠪᠠᠨ ᠳᠠᠭᠠᠭᠤᠯᠤᠭᠠᠳ
ᠮᠠᠭᠤᠰ ᠤ᠋ᠨ ᠠᠯᠪᠠᠲᠤ ᠪᠠᠷ
ᠪᠦᠯᠢ ᠶᠣᠭᠪᠠ ( ᠵᠠᠷᠤᠴᠠ ) ᠪᠠᠨ ᠬᠢᠵᠢᠨ ( ᠬᠢᠵᠦ )
ᠨᠡᠭᠦᠯᠭᠡᠨ ᠶᠠᠪᠤᠭᠰᠠᠨ ᠪᠠᠢᠪᠠ ᠭᠡᠨ᠎ᠡ ᠃
ᠲᠡᠭᠡᠬᠦ ᠳ᠋ᠦ᠍ ᠮᠠᠳ ᠤᠯᠠᠭᠠᠨ ᠬᠥᠪᠡᠭᠦᠨ
ᠪᠠᠯᠮᠠᠭᠡᠷᠡᠯ ᠬᠠᠭᠠᠨ ᠤ᠋ ᠭᠢᠰ ( ᠬᠢᠨ ) ᠢ᠋
ᠨᠡᠭᠦᠯᠭᠡᠭᠡᠳ ᠶᠠᠪᠤᠭᠠᠳ
ᠪᠠᠶᠠᠨ ᠬᠦᠳᠡᠷ ᠠᠯᠲᠠᠢ ᠬᠠᠭᠠᠨ ᠤ᠋
ᠨᠤᠲᠤᠭ ᠲᠤᠨᠢ ᠢᠷᠡᠪᠡ ᠭᠡᠨ᠎ᠡ
《 ᠮᠢᠨᠦ ᠳᠡᠭᠦᠦ ᠬᠠᠨ ᠴᠡᠩᠭᠡᠯ ᠭᠡᠳᠡᠭ
ᠬᠥᠪᠡᠭᠦᠨ ᠢ᠋ ᠮᠡᠳᠡᠪᠡ ᠤᠤ? ᠦᠵᠡᠪᠡ ᠤᠤ?》 ᠭᠡᠵᠦ
ᠬᠣᠶᠠᠷ ᠬᠥᠭᠰᠢᠨ ᠡᠴᠡ ᠰᠤᠷᠠᠪᠠ ᠭᠡᠨ᠎ᠡ ᠃
《 ᠡᠨᠡ ᠠᠯᠪᠠᠲᠤ ᠬᠤᠰᠢᠭᠤᠨ ᠠᠮᠢᠲᠠᠨ
ᠬᠠᠮᠢᠭ᠎ᠠ ᠶᠠᠪᠤᠯ᠎ᠠ ? 》 ᠭᠡᠵᠦ ᠰᠤᠷᠠᠪᠠ ᠭᠡᠨ᠎ᠡ
《 ᠮᠠᠭᠤᠰ ᠣᠯᠵᠠᠯᠠᠭᠠᠳ ᠶᠠᠪᠤᠵᠢᠨ ( ᠶᠠᠪᠤᠵᠤ ) ᠡᠦᠲᠦᠯ᠎ᠡ ᠠ ᠂
ᠬᠠᠨ ᠴᠡᠩᠭᠡᠯ ᠬᠥᠪᠡᠭᠦᠨ
ᠥᠰᠢᠶ᠎ᠡ ᠨᠡᠬᠡᠬᠦ ᠭᠡᠵᠦ ᠬᠡᠯᠡᠭᠡᠳ
ᠠᠷᠤ ᠠ᠋ᠴᠠ ᠨᠢ
ᠪᠠᠷᠠᠭᠤᠨ ᠬᠣᠢᠲᠤ ᠵᠦᠭ ᠲᠦ᠍
ᠭᠠᠷᠤᠭᠠᠳ ᠭᠦᠶᠦᠯᠭᠡᠭᠡᠳ ( ᠳᠠᠪᠬᠢᠭᠤᠯᠤᠭᠠᠳ )
ᠶᠠᠪᠤᠵᠢᠨ ( ᠶᠠᠪᠤᠵᠤ ) ᠡᠦᠲᠦᠯ᠎ᠡ 》 ᠭᠡᠵᠦ ᠬᠡᠯᠡᠪᠡ ᠭᠡᠨ᠎ᠡ᠃
ᠠᠷᠤ ᠠ᠋ᠴᠠ ᠨᠢ
ᠮᠠᠳ ᠤᠯᠠᠭᠠᠨ ᠬᠥᠪᠡᠭᠦᠨ ᠢᠷᠡᠭᠡᠳ
ᠪᠣᠯᠵᠣᠭᠠᠲᠤ ᠶ᠋ᠢᠨ ᠪᠣᠷᠣ ᠱᠣᠪᠣᠭᠣᠷ ᠭᠡᠳᠡᠭ ᠭᠠᠵᠠᠷ ᠲᠤ᠌
ᠲᠣᠰᠴᠢᠨ ( ᠲᠤᠰᠴᠢᠨ ) ᠢᠷᠡᠭᠡᠳ
ᠰᠠᠭᠤᠵᠢᠨ ( ᠰᠠᠭᠤᠵᠤ ) ᠪᠠᠢᠪᠠ ᠭᠡᠨ᠎ᠡ ᠃
ᠲᠡᠭᠡᠬᠦ ᠳ᠋ᠦ᠍ ᠨᠠᠭᠠᠨ᠎ᠠ ( ᠤᠷᠢᠲᠠᠢ ) ᠠ᠋ᠴᠠ ᠨᠢ
ᠨᠡᠭᠦᠯᠭᠡᠭᠡᠳ ᠬᠦᠷᠦᠭᠡᠳ ᠣᠳᠪᠠ ᠭᠡᠨ᠎ᠡ ᠃
ᠲᠡᠭᠡᠭᠡᠳ ᠬᠣᠶᠠᠭᠤᠯᠠ ᠪᠠᠨ ᠪᠣᠯᠵᠣᠨ ᠠᠪᠤᠭᠠᠳ
ᠠᠯᠪᠠᠲᠤ ᠬᠣᠰᠢᠭᠤ ᠪᠠᠨ ᠨᠡᠭᠦᠯᠭᠡᠭᠡᠳ ᠶᠠᠪᠤᠭᠠᠳ
ᠬᠣᠶᠠᠷ ᠪᠡᠶ᠎ᠡ (ᠲᠠᠯ᠎ᠠ ) ᠠ᠋ᠴᠠ
ᠬᠣᠶᠠᠷ ᠶᠡᠬᠡ ᠥᠩ ᠥᠷᠭᠡᠨ
ᠠᠯᠪᠠᠲᠤ ᠪᠠᠨ ᠨᠡᠢᠯᠡᠭᠦᠯᠦᠭᠡᠳ ᠣᠷᠬᠢᠪᠠ ᠭᠡᠨ᠎ᠡ
ᠬᠣᠶᠠᠷ ᠪᠠᠶᠠᠨ ᠬᠠᠭᠠᠨ
ᠠᠢᠯᠯᠠᠭᠠᠳ ᠪᠠᠭᠤᠭᠠᠳ ᠣᠷᠬᠢᠪᠠ ᠭᠡᠨ᠎ᠡ᠃
ᠲᠡᠭᠡᠭᠡᠳ ᠠᠷᠪᠠᠨ ᠬᠣᠨᠣᠭ ᠠᠷᠠᠵᠠ ᠪᠠᠷ
ᠬᠣᠷᠢᠨ ᠬᠣᠨᠣᠭ ᠬᠣᠣᠷᠠᠵᠠ ᠪᠠᠷ ᠨᠠᠢᠷᠯᠠᠵᠤ
ᠠᠮ ᠠᠭᠰᠠᠨ ᠠᠮᠤᠷ ᠰᠠᠢᠬᠠᠨ ᠵᠢᠷᠭᠠᠵᠤ ᠭᠡᠨ᠎ᠡ᠃
– – – –
ᠦᠭᠡᠰ ᠦ᠋ᠨ ᠲᠠᠢᠯᠪᠤᠷᠢ
ᠳᠡᠭᠡᠳᠦ ᠮᠣᠩᠭᠣᠯᠴᠤᠳ ᠤ᠋ᠨ ᠠᠮᠠᠨ ᠶᠠᠷᠢᠶᠠᠨ ᠤ᠋ ᠣᠨᠴᠠᠭᠠᠢ ᠦᠭᠡᠰ ᠢ᠋ ᠵᠠᠷᠢᠮ ᠢ᠋ ᠨᠢ ᠬᠠᠭᠠᠯᠲᠠ ᠳ᠋ᠤ᠌ ᠪᠢᠴᠢᠵᠦ᠂ ᠵᠠᠷᠢᠮ ᠢ᠋ ᠨᠢ ᠳᠣᠣᠷ᠎ᠠ ᠨᠢ 《 * 》ᠲᠡᠮᠳᠡᠭ ᠲᠠᠯᠪᠢᠵᠤ ᠲᠠᠢᠯᠪᠤᠷᠢ ᠳ᠋ᠤ᠌ ᠣᠷᠣᠭᠰᠠᠨ ᠢ᠋ ᠢᠯᠡᠳᠬᠡᠪᠡ᠃
ᠵᠠᠭᠤᠷ᠎ᠠ ᠬᠣᠨᠣᠮᠠ ᠄ ᠬᠣᠨᠣᠭᠠᠳ ᠬᠦᠷᠬᠦ ᠤᠷᠲᠤ ᠪᠡᠶ᠎ᠡ ᠲᠡᠢ᠃
ᠰᠣᠢᠭᠠᠳ ᠄ ᠮᠣᠷᠢᠨ ᠠᠮᠠᠷᠠᠵᠤ ᠵᠣᠭᠰᠣᠬᠤ ᠳ᠋ᠠᠭᠠᠨ ᠬᠣᠢᠲᠤ ᠨᠢᠭᠡ ᠬᠥᠯ ᠢ᠋ᠶ᠋ᠡᠨ ᠰᠤᠯᠠ ᠭᠢᠰᠬᠢᠵᠦ ᠵᠣᠭᠰᠣᠬᠤ᠃
ᠴᠠᠯᠮᠠᠳᠠᠭᠠᠳ ᠄ ᠮᠠᠯ ᠢ᠋ ᠴᠠᠯᠮ᠎ᠠ ᠣᠷᠬᠢᠨ ᠪᠠᠷᠢᠬᠤ᠃
ᠪᠠᠷᠠᠭ᠎ᠠ ᠄ ᠮᠣᠩᠭᠣᠯ ᠭᠡᠷ ᠦ᠋ᠨ ᠪᠠᠷᠠᠭᠤᠨ ᠥᠭᠡᠳᠡ ᠂ ᠵᠡᠭᠦᠨ ᠥᠭᠡᠳᠡ ᠲᠠᠯ᠎ᠠ ᠶ᠋ᠢᠨ ᠬᠠᠨ᠎ᠠ ᠶ᠋ᠢ ᠲᠦᠰᠢᠭᠦᠯᠦᠨ ᠬᠤᠷᠢᠶᠠᠵᠤ ᠲᠠᠯᠪᠢᠭᠰᠠᠨ ᠬᠥᠨᠵᠢᠯᠡ ᠳᠡᠪᠢᠰᠬᠡᠷ ᠂ ᠬᠤᠪᠴᠠᠰᠤ ᠬᠤᠨᠠᠷ ᠤ᠋ᠨ ᠵᠦᠢᠯ᠃
ᠠᠭᠤᠳᠠᠯᠪᠠ ᠄ ᠶᠠᠭᠤᠮᠠᠨ ᠳᠣᠲᠣᠷ᠎ᠠ ᠠ᠋ᠴᠠ ᠠᠪᠬᠤ ᠵᠦᠢᠯ ᠢ᠋ᠶ᠋ᠡᠨ ᠡᠷᠢᠬᠦ᠃
ᠲᠠᠪᠠᠯᠭᠠᠭᠠᠳ ᠄ ᠮᠣᠷᠢᠨ ᠤ᠋ ᠪᠠᠨ ᠳᠤᠮᠳᠠ ᠬᠤᠷᠳᠤᠴᠠ ᠪᠠᠷ ᠲᠡᠰᠢᠭᠦᠯᠬᠦ ᠃
ᠶᠠᠮᠠᠷ ᠶᠤᠮ ᠪᠠᠢᠯᠲᠠᠢ ᠄ ᠶᠠᠮᠠᠷ ᠭᠡᠭᠴᠢ ᠶᠡᠬᠡ ᠬᠦᠴᠦᠨ ᠴᠢᠳᠠᠯ ᠲᠠᠢ ᠪᠠᠢᠳᠠᠭ ᠶᠤᠮ ᠪᠣᠯ?
ᠬᠠᠷ᠎ᠠ ᠪᠠᠲᠠᠭᠠᠨ᠎ᠠ ᠶ᠋ᠢᠨ ᠴᠠᠭ ᠪᠣᠳᠣᠯ ᠦᠭᠡᠢ ᠪᠡᠷ ᠄ ᠬᠠᠨ ᠴᠡᠩᠭᠡᠯ ᠢ᠋ ᠦᠯᠦ ᠲᠣᠭᠣᠮᠰᠠᠷᠯᠠᠨ᠂ ᠨᠢᠳᠦᠨ ᠳ᠋ᠡᠭᠡᠨ ᠬᠠᠪᠴᠢᠬᠤ ᠦᠭᠡᠢ᠃
ᠲᠡᠭᠡᠬᠦ ᠶ᠋ᠢᠨ ᠴᠢᠨᠢ ᠲᠡᠭᠡᠨ᠎ᠡ ᠪᠢᠵᠡ ᠄ ᠲᠡᠭᠡᠪᠡᠯ ᠲᠡᠭᠡᠶ᠎ᠡ᠃
ᠶᠣᠭ ᠶᠤᠮ ᠪᠣᠯᠣᠰᠢ ᠦᠭᠡᠢ ᠄ ᠢᠳᠡ ᠠᠪᠬᠤ ᠦᠭᠡᠢ ᠂ ᠶᠠᠭᠤ ᠴᠤ᠌ ᠪᠣᠯᠵᠤ ᠴᠢᠳᠠᠬᠤ ᠦᠭᠡᠢ ᠪᠠᠢᠨ᠎ᠠ ᠭᠡᠰᠡᠨ ᠤᠳᠬ᠎ᠠ ᠲᠠᠢ᠃
ᠠᠪᠳᠠᠷ᠎ᠠ ᠶ᠋ᠢᠨ ᠴᠡᠭᠡᠵᠢᠨ ᠳᠤᠮᠳᠠ ᠄ ᠥᠷᠭᠡᠨ ᠬᠠᠨᠠᠭᠠᠷ ᠴᠡᠭᠡᠵᠢ ᠶ᠋ᠢᠨ ᠬᠢᠨᠢ ᠳᠤᠮᠳᠠ᠃
ᠭᠤᠷᠪᠠᠨ ᠵᠢᠯ ᠦ᠋ᠨ ᠨᠢᠭᠤᠷ ᠪᠣᠯᠵᠣᠨ ᠄ ᠭᠤᠷᠪᠠᠨ ᠵᠢᠯ ᠦ᠋ᠨ ᠤᠷᠲᠤ ᠤᠳᠠᠭᠠᠨ ᠴᠠᠭ ᠬᠤᠭᠤᠴᠠᠭ᠎ᠠ᠃
ᠠᠳᠢᠰ ᠲᠤ᠌ ᠬᠦᠷᠲᠡᠯ᠎ᠡ ᠄ ᠪᠣᠭᠳᠠ᠂ ᠬᠤᠪᠢᠯᠭᠠᠨ ᠨᠠᠷ ᠤ᠋ᠨ ᠷᠢᠳᠢ ᠰᠢᠳᠢ ᠶ᠋ᠢᠨ ᠬᠦᠷᠲᠡᠭᠡᠯ ᠬᠦᠷᠲᠡᠬᠦ ᠃
ᠺᠠᠯᠢ ᠯᠤᠩᠳᠠ ᠄ ᠬᠡᠢ ᠮᠣᠷᠢ᠃
ᠠᠮᠠᠨ ᠬᠦᠵᠦᠭᠦᠦ ᠄ ᠲᠣᠯᠣᠭᠠᠢ ᠲᠠᠢ ᠬᠣᠯᠪᠣᠯᠳᠤᠭᠰᠠᠨ ᠲᠡᠷᠡ ᠬᠡᠰᠡᠭ ᠬᠦᠵᠦᠭᠦᠨ ᠶᠠᠰᠤ ᠮᠣᠩᠭᠣᠯᠴᠤᠳ ᠤ᠋ᠨ ᠡᠷᠲᠡᠨ ᠦ᠌ ᠦᠵᠡᠯ ᠤᠬᠠᠮᠰᠠᠷ ᠲᠤ᠌ ᠠᠮᠠᠨ ᠬᠦᠵᠦᠭᠦᠨ ᠳ᠋ᠦ᠍ ᠬᠥᠮᠦᠨ ᠠᠮᠢᠲᠠᠨ ᠤ᠋ ᠰᠦᠨᠡᠰᠦ ᠣᠷᠣᠰᠢᠳᠠᠭ ᠭᠡᠵᠦ ᠦᠵᠡᠳᠡᠭ ᠪᠣᠯᠬᠣᠷ ᠳᠠᠢᠰᠤᠨ᠂ ᠬᠥᠮᠦᠨ ᠦ᠌ ᠠᠮᠠᠨ ᠬᠦᠵᠦᠭᠦᠦ ᠶ᠋ᠢ ᠲᠠᠰᠤᠯᠬᠤ ᠬᠡᠷᠡᠭᠲᠡᠢ ᠭᠡᠵᠦ ᠦᠵᠡᠳᠡᠭ ᠠᠵᠠᠢ᠃
ᠡᠳᠡᠷᠡᠩ᠄ ᠪᠢᠴᠢᠭ ᠦ᠋ᠨ ᠬᠡᠯᠡᠨ ᠦ᠌ ᠬᠡᠳᠡᠷᠭᠡ ᠃ ᠠᠷᠠᠰᠤ ᠰᠢᠷᠢ ᠶ᠋ᠢ ᠡᠯᠳᠡᠵᠦ ᠵᠥᠭᠡᠯᠡᠷᠡᠭᠦᠯᠬᠦ ᠪᠡᠷ ᠵᠣᠬᠢᠶᠠᠭᠰᠠᠨ ᠮᠣᠳᠣᠨ ᠪᠠᠭᠠᠵᠢ᠃
ᠳᠠᠪᠠᠴᠠᠭᠠᠨ ᠄ ᠳᠠᠪᠠᠵᠤ ᠭᠠᠷᠬᠤ ᠭᠠᠵᠠᠷ ᠃
ᠲᠣᠭᠣᠷᠢᠴᠠᠭᠠᠨ ᠄ ᠲᠣᠭᠣᠷᠢᠵᠤ ᠭᠠᠷᠬᠤ ᠭᠠᠵᠠᠷ ᠃
ᠭᠠᠲᠤᠯᠭᠠᠨ ᠄ ᠭᠠᠲᠤᠯᠵᠤ ᠪᠣᠯᠤᠮᠠᠷ ᠭᠠᠵᠠᠷ ᠃
ᠱᠠᠯᠠ ᠄ ᠴᠢᠯᠠᠭᠤ ᠰᠠᠢᠷᠭᠠᠯ ᠶᠡᠬᠡᠲᠡᠢ ᠂ ᠡᠪᠡᠰᠦ ᠤᠷᠭᠤᠮᠠᠯ ᠰᠡᠢᠷᠡᠭ ᠲᠠᠯ᠎ᠠ ᠭᠠᠵᠠᠷ ᠃
ᠠᠪᠠᠢ᠄ ᠪᠠᠰᠤᠮᠵᠢᠯᠠᠭᠰᠠᠨ ᠤᠳᠬ᠎ᠠ ᠲᠠᠢ ᠠᠶᠠᠯᠭᠤ ᠦᠭᠡ᠃
ᠦᠳᠡ ᠨᠠᠷᠠ ᠪᠠᠷ ᠄ ᠮᠠᠯ ᠢ᠋ᠶ᠋ᠠᠨ ᠬᠣᠲᠠᠯᠠᠬᠤ ᠴᠠᠭ ᠪᠣᠯᠤᠭᠠᠳᠤᠢ ᠪᠠᠢᠬᠤ ᠳ᠋ᠤ᠌ ᠂ ᠨᠠᠷᠠᠨ ᠤ᠋ ᠡᠷᠲᠡ ᠳ᠋ᠦ᠍ ᠮᠠᠯ ᠢ᠋ᠶ᠋ᠠᠨ ᠡᠪᠡᠰᠦ ᠢᠳᠡᠭᠦᠯᠬᠦ ᠦᠭᠡᠢ ᠬᠠᠰᠢᠶᠠᠯᠠᠵᠤ ᠣᠷᠬᠢᠬᠤ᠃
ᠭᠣᠩᠮᠤ ᠄ ᠢᠳᠡᠵᠦ ᠴᠠᠳᠳᠠᠭ ᠦᠭᠡᠢ ᠂ ᠤᠤᠭᠤᠵᠤ ᠬᠠᠨᠤᠳᠠᠭ ᠦᠭᠡᠢ᠃
ᠬᠠᠢᠯᠠᠭᠰᠠᠨ ᠨᠢ᠄ ᠭᠥᠷᠯᠦᠭ ᠬᠤᠰᠢᠭᠤᠨ ᠤ᠋ ᠬᠣᠢᠲᠤᠲᠠᠷᠢᠶᠠᠨ ᠨᠢᠭᠡᠳᠦᠯ ᠦ᠋ᠨ 73 ᠨᠠᠰᠤᠲᠠᠢ ᠤᠤᠽᠠᠷ ᠨᠠᠰᠤᠲᠠᠨ
ᠰᠢᠩᠭᠡᠭᠡᠭᠰᠡᠨ ᠨᠢ᠄ ᠣ · ᠰᠢᠯᠢ ᠭᠤ · ᠴᠡᠷᠡᠩᠳᠣᠷᠵᠢ
ᠪᠠᠭᠤᠯᠭᠠᠭᠰᠠᠨ ᠨᠢ᠄ ᠴ · ᠰᠠᠷᠠᠨᠲᠤᠶᠠᠭ᠎ᠠ
ᠦᠰᠦᠭ ᠠᠮᠢᠯᠠᠭᠤᠯᠤᠭᠰᠠᠨ ᠨᠢ᠄ ᠰᠡᠷᠭᠦᠯᠡᠩ
