ᠬᠠᠨ ᠴᠡᠩᠬᠡᠯ (ᠲᠤᠤᠯᠢ ) -2 Хан цэнгэл (туули ) -2 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠴᠡᠩᠬᠡᠯ (ᠲᠤᠤᠯᠢ ) -2 Хан цэнгэл (туули ) -2

ᠬᠠᠨ ᠴᠡᠩᠬᠡᠯ (ᠲᠤᠤᠯᠢ ) -2 Хан цэнгэл (туули ) -2

ᠠᠩᠭᠢᠯᠠᠯ:ᠳᠣᠮᠣᠭ ᠦᠯᠢᠭᠡᠷ
2024-03-02

362

ᠬᠠᠨ ᠴᠡᠩᠬᠡᠯ (ᠲᠤᠤᠯᠢ ) - 1


 ᠲᠡᠭᠡᠬᠦ ᠳ᠋ᠦ᠍ ᠨᠢᠭᠡᠨ ᠡᠳᠦᠷ ᠪᠣᠯᠪᠠ ᠭᠡᠨ᠎ᠡ 
 ᠮᠠᠳ ᠤᠯᠠᠭᠠᠨ ᠬᠥᠪᠡᠭᠦᠨ ᠬᠠᠨ ᠴᠡᠩᠭᠡᠯ ᠬᠥᠪᠡᠭᠦᠨ ᠢ᠋  
 ᠠᠪᠤᠭᠠᠳ ᠬᠠᠶᠠᠭᠠᠳ ᠠᠪᠤᠭᠠᠳ ᠬᠠᠶᠠᠭᠠᠳ ᠢᠷᠡᠵᠦ ᠪᠠᠢᠪᠠ ᠭᠡᠨ᠎ᠡ᠃  
 ᠮᠠᠳ ᠤᠯᠠᠭᠠᠨ ᠬᠥᠪᠡᠭᠦᠨ 
 ᠠᠮᠠᠨ ᠬᠦᠵᠦᠭᠦᠨ ᠳᠡᠭᠡᠷ᠎ᠡ ᠨᠢ ᠠᠯᠠᠪᠳᠠᠨ( ᠠᠯᠠᠪᠬᠢᠨ ) ᠰᠠᠭᠤᠵᠤ 
 ᠤᠯᠠᠭᠠᠨ ᠡᠰᠢᠲᠦ ᠢᠯᠳᠦ ᠪᠡᠨ ᠰᠤᠭᠤᠯᠤᠨ 
 ᠰᠢᠯᠢ ᠶ᠋ᠢ ᠨᠢ ᠨᠢᠭᠡ ᠬᠡᠷᠴᠢᠪᠡ ᠭᠡᠨ᠎ᠡ᠃ 
 ᠬᠠᠨ ᠴᠡᠩᠭᠡᠯ ᠬᠥᠪᠡᠭᠦᠨ ᠦ᠌ 
 ᠬᠠᠨ ᠶᠠᠰᠤ ᠨᠢ ᠰᠤᠯᠠᠷᠠᠭᠠᠳ ᠢᠷᠡᠪᠡ ᠭᠡᠨ᠎ᠡ 
 ᠬᠠᠷ᠎ᠠ ᠴᠢᠰᠤ ᠨᠢ ᠠᠰᠬᠠᠷᠠᠭᠠᠳ ᠢᠷᠡᠪᠡ ᠭᠡᠨ᠎ᠡ᠃  
 ᠲᠡᠭᠡᠬᠦ ᠳ᠋ᠦ᠍ ᠬᠠᠨ ᠴᠡᠩᠭᠡᠯ ᠬᠥᠪᠡᠭᠦᠨ 
 ᠨᠢᠭᠡ ᠪᠣᠳᠣᠯ ᠪᠣᠳᠣᠪᠠ ᠭᠡᠨ᠎ᠡ  
 《 ᠪᠢ ᠪᠣᠯᠬᠤᠯ᠎ᠠ ᠨᠢ ᠳᠡᠭᠡᠳᠦ ᠳᠡᠭᠡᠳᠦ ᠶ᠋ᠢᠨ ᠣᠷᠣᠨ ᠤ᠋  
 ᠯᡁᠸᠩᠮ᠎ᠠ ᠵᠠᠪᠰᠢ ᠬᠠᠭᠠᠨ ᠤ᠋ ᠪᠤᠮ ᠪᠦᠲᠦᠭᠡᠯ ᠲᠡᠢ ᠷᠠᠰᠢᠶᠠᠨ ᠢ᠋  
 ᠣᠷᠣᠢ ᠳᠡᠭᠡᠷ᠎ᠡ ᠪᠡᠨ ᠲᠠᠯᠪᠢᠵᠤ ᠠᠳᠢᠰ ᠲᠤ᠌ ᠬᠦᠷᠲᠡᠯ᠎ᠡ *  
 ᠠᠯᠠᠭᠠᠨ ᠳᠡᠭᠡᠷ᠎ᠡ ᠪᠡᠨ ᠳᠤᠰᠤᠭᠠᠵᠤ ᠪᠢ ᠠᠮᠰᠠᠯ᠎ᠠ 
 ᠡᠨᠡ ᠡᠦᠲᠦ ᠨᠠᠮ᠎ᠠ ᠨᠢᠭᠡ ᠬᠠᠯᠢᠶᠠᠳᠠᠭ (ᠬᠠᠷᠠᠳᠠᠭ ) ᠦᠭᠡᠢ ᠶᠠᠭᠠᠬᠢᠯ᠎ᠠ ?  
 ᠰᠠᠢᠨ ᠡᠵᠢ ᠠᠪᠤ ᠶ᠋ᠢᠨ ᠮᠢᠨᠢ ᠵᠠᠶᠠᠭ᠎ᠠ ᠰᠠᠬᠢᠭᠤᠯᠰᠤᠨ  
 ᠡᠦᠲᠦ ᠨᠠᠮ᠎ᠠ ᠶ᠋ᠢ ᠨᠢᠭᠡ ᠬᠠᠯᠢᠶᠠᠳᠠᠭ ( ᠬᠠᠷᠠᠳᠠᠭ ) ᠦᠭᠡᠢ ᠶᠠᠭᠠᠬᠢᠯ᠎ᠠ ?  
 ᠰᠠᠢᠨ ᠥᠪᠡᠷ ᠦ᠋ᠨ ᠪᠡᠶ᠎ᠡ ᠶ᠋ᠢᠨ ᠮᠢᠨᠢ  ᠺᠠᠯᠢ ᠯᠤᠩᠳᠠ *  
 ᠡᠦᠲᠦ ᠨᠠᠮ᠎ᠠ ᠶ᠋ᠢ ᠨᠢᠭᠡ ᠬᠠᠯᠢᠶᠠᠳᠠᠭ ( ᠬᠠᠷᠠᠳᠠᠭ ) ᠦᠭᠡᠢ ᠶᠠᠭᠠᠬᠢᠯ᠎ᠠ ? ᠭᠡᠵᠦ  
 ᠨᠢᠭᠡ ᠪᠣᠳᠣᠯ ᠪᠣᠳᠣᠵᠢᠨ( ᠪᠣᠳᠣᠵᠤ ) ᠢᠷᠡᠭᠡᠳ  
 ᠠᠳᠠᠭ ᠠᠷᠠᠭ᠎ᠠ ᠪᠠᠨ ᠵᠠᠭᠤᠵᠢᠨ ( ᠵᠠᠭᠤᠵᠤ ) ᠢᠷᠡᠭᠡᠳ  
 ᠨᠢᠭᠡ ᠰᠡᠭᠰᠦᠷᠦᠭᠡᠳ ᠣᠷᠬᠢᠪᠠ ᠭᠡᠨ᠎ᠡ ᠃  
 ᠲᠡᠭᠡᠬᠦ ᠳ᠋ᠦ᠍ ᠮᠠᠳ ᠤᠯᠠᠭᠠᠨ ᠬᠥᠪᠡᠭᠦᠨ ᠢ᠋  
 ᠠᠪᠴᠢᠨ ( ᠠᠪᠴᠤ ) ᠢᠷᠡᠭᠡᠳ 
 ᠭᠠᠵᠠᠷ ᠴᠣᠬᠢᠭᠠᠳ ( ᠰᠢᠳᠡᠭᠡᠳ )  ᠣᠷᠬᠢᠪᠠ ᠭᠡᠨ᠎ᠡ  
 ᠠᠮᠠᠨ ᠬᠦᠵᠦᠭᠦᠨ * ᠳᠡᠭᠡᠭᠦᠷ ᠨᠢ 
 ᠠᠯᠠᠪᠳᠠᠨ ( ᠠᠯᠠᠪᠬᠢᠨ ) ᠰᠠᠭᠤᠭᠠᠳ ᠣᠷᠬᠢᠪᠠ ᠭᠡᠨ᠎ᠡ  
 ᠤᠯᠠᠭᠠᠨ ᠡᠰᠢᠲᠦ ᠢᠯᠳᠦ ᠪᠡᠨ ᠭᠠᠷᠭᠠᠭᠠᠳ ᠢᠷᠡᠪᠡ ᠭᠡᠨ᠎ᠡ  
 《 ᠵᠠ ᠂ ᠠᠬ᠎ᠠ ᠮᠢᠨᠢ ᠂ ᠠᠬ᠎ᠠ ᠮᠢᠨᠢ !  
 ᠠᠮᠤᠷ ᠰᠠᠢᠬᠠᠨ ᠨᠤᠲᠤᠭ ᠪᠠᠭᠤᠷᠢ ᠲᠠᠨᠢ ᠬᠠᠮᠢᠭ᠎ᠠ ᠪᠣᠢ ?  
 ᠡᠵᠡᠨ ᠨᠣᠶᠠᠨ ᠲᠠᠨᠢ ᠬᠡᠨ ᠪᠣᠢ? 》 ᠭᠡᠵᠦ ᠰᠤᠷᠠᠪᠠ ᠭᠡᠨ᠎ᠡ᠃  
 《 ᠴᠢᠮ᠎ᠠ ᠳ᠋ᠤ᠌ ᠪᠢ 
 ᠡᠨᠡ ᠠᠲᠠᠭ᠎ᠠ ᠮᠠᠷᠭᠤᠭ᠎ᠠ ᠪᠠᠨ ᠠᠯᠳᠠᠭᠰᠠᠨ ᠪᠣᠯᠪᠠᠴᠤ  
 ᠴᠢᠮ᠎ᠠ ᠠ᠋ᠴᠠ ᠪᠢ ᠬᠣᠢᠲᠤᠨ ᠠᠲᠠᠭ᠎ᠠ ᠮᠠᠷᠭᠤᠭ᠎ᠠ ᠪᠠᠨ ᠠᠪᠤᠨ᠎ᠠ 
 ᠴᠢᠮ᠎ᠠ ᠳ᠋ᠤ᠌ ᠦᠬᠦᠭᠦᠯᠭᠦᠬᠦ ( ᠠᠯᠠᠭᠤᠯᠬᠤ ) ᠳᠡᠭᠡᠷ᠎ᠡ ᠪᠡᠨ 
 ᠡᠵᠡᠨ ᠨᠣᠶᠠᠨ ᠢ᠋ᠶ᠋ᠠᠨ ᠬᠡᠯᠡᠭᠡᠳ ᠠᠯᠪᠠᠲᠤ ᠬᠣᠰᠢᠭᠤ ᠪᠠᠨ ᠬᠡᠯᠡᠭᠡᠳ 
 ᠶᠠᠮᠠᠷ ᠠᠮᠢᠲᠠᠨ ( ᠬᠥᠮᠦᠨ ) ᠦᠬᠦᠭᠦᠯᠭᠡᠳᠡᠭ ᠪᠣᠯᠭᠠᠨ᠎ᠠ ᠴᠢ 
 ᠴᠢ ᠮᠢᠨᠦ ᠠᠮᠠᠨ ᠬᠦᠵᠦᠭᠦᠦ * ᠰᠠᠯᠭᠠᠬᠤ ᠶ᠋ᠢᠨ ᠪᠣᠯᠵᠤ ᠭᠡᠯ᠎ᠡ ᠨᠢ ᠴᠢ  
 ᠰᠢᠮᠳᠠᠭᠤᠨ( ᠬᠤᠷᠳᠤᠨ ) ᠰᠠᠯᠭ᠎ᠠ ᠴᠢ ! 》 ᠭᠡᠵᠦ  
 ᠬᠡᠯᠡᠭᠡᠳ ᠬᠡᠪᠲᠡᠪᠡ ᠭᠡᠨ᠎ᠡ᠃  
 ᠲᠡᠭᠡᠬᠦ ᠳ᠋ᠦ᠍ ᠬᠠᠰᠢᠭ ᠲᠤᠤᠬᠠᠨ ᠰᠢᠷᠭᠠᠯ ᠭᠡᠳᠡᠭ ᠮᠣᠷᠢ ᠨᠢ 
 ᠲᠠᠯᠪᠢᠭᠠᠳ ( ᠳᠠᠪᠬᠢᠭᠠᠳ ) ᠬᠦᠷᠦᠭᠡᠳ ᠢᠷᠡᠪᠡ ᠭᠡᠨ᠎ᠡ  
 《 ᠦ ! ᠲᠠ ᠡᠨᠦᠭᠡᠷ ( ᠡᠭᠦᠨ ᠢ᠋ ) ᠦᠭᠦᠯᠦᠭᠡᠳ  
 ᠲᠠᠨ ᠳ᠋ᠤ᠌ ᠶᠠᠮᠠᠷ ᠤᠷᠤᠰᠢ ( ᠠᠰᠢᠭ ) ᠢᠷᠡᠬᠦ ᠪᠣᠢ  
 ᠲᠠ ᠮᠠᠨ᠎ᠠ ᠬᠣᠶᠠᠷ ᠲᠤ᠌ ᠠᠷᠤ ᠳ᠋ᠤ᠌ ᠪᠠᠨ ᠪᠠᠷᠢᠬᠤ ᠨᠢ 
 ᠠᠬ᠎ᠠ ᠦᠭᠡᠢ  ᠡᠨᠦᠭᠡᠷ ( ᠡᠭᠦᠨ ᠢ᠋ᠶ᠋ᠡᠷ ) 
 ᠠᠬ᠎ᠠ ᠪᠠᠨ ᠬᠢᠵᠢᠨ ( ᠪᠣᠯᠭᠠᠵᠤ ) ᠠᠪᠳᠠᠭ ᠦᠭᠡᠢ ᠤᠤ ? 
 ᠮᠠᠨ᠎ᠠ ᠬᠣᠶᠠᠷ ᠮᠣᠷᠢᠨ  
 ᠠᠬ᠎ᠠ ᠳᠠᠷᠤᠢ ( ᠳᠡᠭᠦᠦ )  ᠪᠠᠷᠢᠯᠳᠤᠵᠤ  
 ᠨᠢᠭᠡ ᠲᠠᠪᠠ (ᠳᠠᠪᠠᠭ᠎ᠠ ) ᠶ᠋ᠢᠨ ᠡᠪᠡᠰᠦᠨ ᠡᠴᠡ 
 ᠬᠤᠪᠢᠶᠠᠯᠴᠠᠵᠤ ᠢᠳᠡᠭᠡᠳ 
 ᠨᠢᠭᠡ ᠨᠠᠮᠤᠭ᠎ᠠ ( ᠪᠤᠯᠠᠭ ) ᠤ᠋ᠨ ᠤᠰᠤᠨ ᠠ᠋ᠴᠠ 
 ᠵᠡᠷᠭᠡᠴᠡᠵᠦ ᠤᠤᠭᠤᠭᠠᠳ 
 ᠡᠢᠮᠦ ᠰᠠᠢᠬᠠᠨ ᠶᠤᠮ ᠪᠠᠢᠬᠤ ᠨᠢ  
 ᠲᠠᠨ᠎ᠠ ᠬᠣᠶᠠᠷ ᠶᠠᠮᠠᠷ ᠮᠠᠭᠤᠬᠠᠢ ᠶ᠋ᠢᠨ ᠪᠣᠯᠵᠤ  
 ᠰᠠᠭᠤᠳᠠᠭ ᠶᠤᠮ ᠪᠣᠢ? 》 ᠭᠡᠵᠦ ᠬᠡᠯᠡᠪᠡ ᠭᠡᠨ᠎ᠡ᠃  
 ᠦ᠂ ᠲᠡᠭᠡᠵᠢᠨ ( ᠲᠡᠭᠡᠵᠦ ) ᠪᠠᠢᠲᠠᠯ᠎ᠠ  
 ᠣᠴᠢᠨ ᠴᠣᠬᠣᠷ ᠮᠣᠷᠢ ᠨᠢ  
 ᠲᠠᠯᠪᠢᠭᠠᠳ ᠬᠦᠷᠦᠭᠡᠳ ᠢᠷᠡᠪᠡ ᠭᠡᠨ᠎ᠡ  
 《 ᠦ ᠂ ᠲᠠ ᠡᠨᠦᠭᠡᠷ ( ᠡᠭᠦᠨ ᠢ᠋ ) ᠦᠭᠦᠯᠦᠭᠡᠳ  
 ᠲᠠᠨ ᠳ᠋ᠤ᠌ ᠶᠠᠮᠠᠷ ᠣᠷᠣᠰᠢ ( ᠠᠰᠢᠭ ) ᠢᠷᠡᠬᠦ ᠪᠣᠢ ?  
 ᠲᠠ ᠮᠠᠨ᠎ᠠ ᠬᠣᠶᠠᠷ ᠲᠤ᠌ 
 ᠡᠮᠦᠨ᠎ᠡ ᠪᠡᠨ ᠪᠠᠷᠢᠬᠤ ᠨᠢ ᠳᠡᠭᠦᠦ ᠦᠭᠡᠢ   
 ᠡᠨᠦᠭᠡᠷ ( ᠡᠭᠦᠨ ᠢ᠋ᠶ᠋ᠡᠷ ) ᠳᠡᠭᠦᠦ ᠪᠡᠨ 
 ᠬᠢᠵᠢᠨ ( ᠪᠣᠯᠭᠠᠵᠤ ) ᠠᠪᠳᠠᠭ ᠦᠭᠡᠢ ᠤᠤ ?  
 ᠮᠠᠨ᠎ᠠ ᠬᠣᠶᠠᠷ ᠠᠬ᠎ᠠ ᠳᠠᠷᠤᠢ ( ᠳᠡᠭᠦᠦ ) ᠪᠠᠷᠢᠯᠳᠤᠵᠤ  
 ᠨᠢᠭᠡ ᠲᠠᠪᠠ ( ᠳᠠᠪᠠᠭ᠎ᠠ ) ᠶ᠋ᠢᠨ ᠡᠪᠡᠰᠦᠨ ᠡᠴᠡ ᠬᠤᠪᠢᠶᠠᠯᠴᠠᠵᠤ ᠢᠳᠡᠭᠡᠳ 
 ᠨᠢᠭᠡ ᠨᠠᠮᠤᠭ᠎ᠠ ( ᠪᠤᠯᠠᠭ ) ᠤ᠋ᠨ ᠤᠰᠤᠨ ᠠ᠋ᠴᠠ ᠵᠡᠷᠭᠡᠴᠡᠵᠦ ᠤᠤᠭᠤᠭᠠᠳ 
 ᠡᠢᠮᠦ ᠰᠠᠢᠬᠠᠨ ᠶᠤᠮ ᠪᠠᠢᠬᠤ ᠨᠢ  
 ᠲᠠᠨ᠎ᠠ ᠬᠣᠶᠠᠷ ᠶᠠᠮᠠᠷ ᠮᠠᠭᠤᠬᠠᠢ ᠶ᠋ᠢᠨ ᠪᠣᠯᠵᠤ 
 ᠰᠠᠭᠤᠳᠠᠭ ᠶᠤᠮ ᠪᠣᠢ ?》 ᠭᠡᠵᠦ ᠬᠡᠯᠡᠪᠡ ᠭᠡᠨ᠎ᠡ ᠃  
 《 ᠦ ᠂ ᠡᠨᠡ ᠡᠪᠡᠰᠦᠨ ᠬᠦᠢᠲᠡᠨ  
  ᠮᠠᠯ ᠢᠭᠢᠵᠦ ( ᠢᠩᠭᠢᠵᠦ ) ᠪᠠᠢᠬᠤ ᠳ᠋ᠤ᠌  
 ᠨᠡᠷ᠎ᠡ ᠲᠡᠢ ᠲᠥᠷᠥᠭᠰᠡᠨ ᠮᠠᠨ᠎ᠠ ᠬᠣᠶᠠᠷ 
 ᠲᠡᠭᠡ ( ᠲᠡᠭᠡᠭᠡᠳ ) ᠶᠠᠭᠠᠬᠢᠯ᠎ᠠ 》 ᠭᠡᠬᠦ ᠳ᠋ᠦ᠍  
 ᠬᠣᠶᠠᠭᠤᠯᠠ ᠪᠠᠨ ᠪᠣᠰᠤᠨ ᠭᠦᠶᠦᠭᠡᠳ ᠣᠷᠬᠢᠪᠠ ᠭᠡᠨ᠎ᠡ  
 ᠴᠡᠴᠡᠭᠡᠢ ᠴᠡᠴᠡᠭᠡᠢ ( ᠨᠢᠳᠦ ) ᠶ᠋ᠢᠨ ᠢ᠋ᠶ᠋ᠡᠨ ᠰᠢᠷᠣᠢ ᠶ᠋ᠢ  
 ᠬᠡᠯᠡ ᠬᠡᠯᠡ ᠪᠡᠷ ᠢ᠋ᠶ᠋ᠡᠨ ᠳᠣᠯᠢᠶᠠᠯᠴᠠᠭᠠᠳ ᠢᠷᠡᠪᠡ ᠭᠡᠨ᠎ᠡ  
 ᠬᠠᠴᠠᠷ ᠬᠠᠴᠠᠷ ᠤ᠋ᠨ ᠢ᠋ᠶ᠋ᠠᠨ ᠰᠢᠷᠣᠢ ᠶ᠋ᠢ 
 ᠠᠯᠢᠬ᠎ᠠ ᠠᠯᠢᠬ᠎ᠠ ( ᠠᠯᠠᠭ᠎ᠠ ) ᠪᠠᠷ ᠢ᠋ᠶ᠋ᠠᠨ  
 ᠠᠷᠴᠢᠯᠴᠠᠭᠠᠳ ᠢᠷᠡᠪᠡ ᠭᠡᠨ᠎ᠡ᠃  
 《 ᠮᠠᠨ᠎ᠠ ᠬᠣᠶᠠᠷ ᠪᠣᠯᠬᠤᠯ᠎ᠠ ᠨᠢ  
 ᠴᠣᠬᠢᠷᠠᠯᠳᠤᠵᠤ ᠭᠦᠪᠳᠦᠷᠡᠯᠳᠦᠵᠦ ( ᠵᠣᠳᠣᠯᠳᠤᠵᠤ ) ᠰᠠᠭᠤᠭᠰᠠᠨ 
 ᠡᠨᠡ ᠪᠣᠯᠬᠤᠯ᠎ᠠ ᠨᠢ    
 ᠠᠩᠭᠢᠳᠠ ᠪᠠᠨ ᠪᠠᠢᠨ᠎ᠠ  
 ᠠᠬ᠎ᠠ ᠳᠡᠭᠦᠦ ᠮᠠᠨ᠎ᠠ ᠬᠣᠶᠠᠷ  
 ᠠᠩᠭᠢᠳᠠ ᠪᠠᠢᠨ᠎ᠠ 》 ᠭᠡᠵᠦ  
 ᠬᠡᠲᠡ ᠶ᠋ᠢᠨ ᠢ᠋ᠶ᠋ᠡᠨ ᠳᠡᠭᠡᠭ ( ᠲᠡᠭᠡᠭᠯᠡᠭᠦᠷ ) ᠳᠡᠭᠡᠷ᠎ᠡ 
 ᠲᠡᠭᠡ ᠬᠤᠴᠠ ᠬᠣᠶᠠᠷ ᠲᠡᠭᠡ ᠬᠤᠴᠠ ᠬᠣᠶᠠᠷ  
 ᠮᠥᠷᠭᠥᠯᠳᠦᠭᠦᠯᠦᠨ ᠮᠥᠷᠭᠥᠯᠳᠦᠭᠦᠯᠦᠨ ᠰᠡᠢᠯᠦᠭᠡᠳ ᠣᠷᠬᠢᠪᠠ ᠭᠡᠨ᠎ᠡ ᠃  
 《 ᠲᠡᠷᠡ ᠬᠣᠶᠠᠷ ᠲᠡᠨᠳᠡ ᠪᠡᠨ ᠪᠠᠢᠨ᠎ᠠ  
 ᠠᠬ᠎ᠠ ᠳᠡᠭᠦᠦ ᠮᠠᠨ᠎ᠠ ᠬᠣᠶᠠᠷ ᠠᠳᠠ ᠪᠠᠨ ᠪᠠᠢᠨ᠎ᠠ !》 ᠭᠡᠵᠦ  
 ᠠᠬ᠎ᠠ ᠳᠡᠭᠦᠦ ᠪᠠᠷᠢᠯᠳᠤᠭᠠᠳ ᠣᠷᠬᠢᠪᠠ ᠭᠡᠨ᠎ᠡ ᠃  
 ᠵᠠ ᠲᠡᠭᠡᠵᠢᠨ( ᠲᠡᠭᠡᠵᠦ ) ᠠᠪᠤᠭᠠᠳ  
 《 ᠠᠬ᠎ᠠ ᠮᠢᠨᠢ ᠂ ᠠᠬ᠎ᠠ ᠮᠢᠨᠢ !  
 ᠠᠮᠤᠷ ᠰᠠᠢᠬᠠᠨ ᠨᠤᠲᠤᠭ ᠪᠠᠭᠤᠷᠢ ᠲᠠᠨᠢ ᠬᠠᠮᠢᠭ᠎ᠠ ᠪᠣᠢ ? 
 ᠡᠵᠡᠨ ᠨᠣᠶᠠᠨ ᠲᠠᠨᠢ ᠬᠡᠨ ᠪᠣᠢ ? 》 ᠭᠡᠵᠦ ᠰᠤᠷᠠᠪᠠ ᠭᠡᠨ᠎ᠡ ᠃  
 《 ᠠ ᠂ ᠳᠡᠭᠦᠦ ᠮᠢᠨᠢ ᠠᠬ᠎ᠠ ᠳ᠋ᠤ᠌ ᠴᠢᠨᠢ  
 ᠡᠵᠡᠨ ᠨᠣᠶᠠᠨ ᠭᠡᠬᠦ ᠴᠢᠭ( ᠴᠦ᠍ ) ᠶ᠋ᠢᠨ   
 ᠪᠠᠢᠳᠠᠭ ᠦᠭᠡᠢ ᠪᠢᠯᠡ  
 ᠠᠯᠪᠠᠲᠤ ᠬᠤᠰᠢᠭᠤᠨ ᠴᠢᠭ( ᠴᠦ᠍ ) ᠭᠡᠬᠦ ᠶ᠋ᠢᠨ 
 ᠪᠠᠢᠳᠠᠭ ᠦᠭᠡᠢ ᠪᠢᠯᠡ ᠃  
 ᠬᠠᠷ᠎ᠠ ᠴᠢᠯᠠᠭᠤᠨ ᠠ᠋ᠴᠠ ᠬᠠᠭᠠᠷᠠᠵᠤ ᠭᠠᠷᠤᠭᠰᠠᠨ  
 ᠤᠯᠠᠭᠠᠨ ᠴᠢᠯᠠᠭᠤᠨ ᠠ᠋ᠴᠠ ᠦᠢᠷᠡᠵᠦ ᠭᠠᠷᠤᠭᠰᠠᠨ  
 ᠲᠡᠭᠷᠢ ᠭᠠᠵᠠᠷ ᠬᠣᠶᠠᠷ ᠤ᠋ᠨ ᠵᠠᠪᠰᠠᠷ ᠲᠤ᠌ 
 ᠮᠠᠳ ᠤᠯᠠᠭᠠᠨ ᠬᠥᠪᠡᠭᠦᠨ ᠭᠡᠵᠦ  
 ᠨᠡᠷᠡᠲᠡᠢ ᠪᠠᠢᠭᠰᠠᠨ ᠬᠥᠪᠡᠭᠦᠨ ᠪᠢ ᠪᠠᠢᠨ᠎ᠠ 》 ᠭᠡᠵᠦ ᠬᠡᠯᠡᠪᠡ ᠭᠡᠨ᠎ᠡ᠃ 
 《 ᠵᠠ ᠂ ᠳᠡᠭᠦᠦ ᠮᠢᠨᠢ! ᠠᠮᠤᠷ ᠰᠠᠢᠬᠠᠨ   
 ᠨᠤᠲᠤᠭ ᠪᠠᠭᠤᠷᠢ ᠴᠢᠨᠢ ᠬᠠᠮᠢᠭ᠎ᠠ ᠪᠢᠯᠡ ?  
 ᠡᠵᠡᠨ ᠨᠣᠶᠠᠨ ᠴᠢᠨᠢ ᠬᠡᠨ ᠪᠢᠯᠡ ?》 ᠰᠤᠷᠠᠪᠠ ᠭᠡᠨ᠎ᠡ ᠃  
 《 ᠠ᠂ ᠪᠢ ᠪᠣᠯᠬᠤᠯ᠎ᠠ ᠨᠢ  ᠪᠠᠷᠠᠭᠤᠨ ᠬᠣᠢᠲᠤ ᠵᠦᠭ ᠢ᠋  
 ᠪᠠᠷᠢᠨ ᠡᠵᠡᠯᠡᠨ ᠰᠠᠭᠤᠭᠰᠠᠨ 
 ᠪᠠᠶᠠᠨ ᠬᠦᠳᠡᠷ ᠠᠯᠲᠠᠢ ᠬᠠᠭᠠᠨ ᠤ᠋  
 ᠭᠠᠭᠴᠠ ᠲᠠᠢᠵᠢ ᠪᠠᠢᠨ᠎ᠠ᠃  
 ᠮᠠᠨ᠎ᠠ ᠠᠪᠤ ᠪᠠᠯᠮᠠᠭᠡᠷᠡᠯ 
 ᠬᠣᠶᠠᠷ ᠪᠠᠲᠤᠲᠠᠢᠬᠠᠨ ᠭᠤᠷᠪᠠᠨ ᠦᠭᠡ  
 ᠬᠦᠦᠨᠢᠯᠳᠦᠬᠦ ( ᠶᠠᠷᠢᠯᠴᠠᠬᠤ ) ᠨᠢ  ᠬᠦᠦᠨᠢᠯᠳᠦᠭᠰᠡᠨ ᠭᠡᠨ᠎ᠡ  
 ᠨᠠᠷᠠᠨᠽᠠᠠᠳᠠᠨ ᠠᠪᠠᠬᠠᠢ ᠶ᠋ᠢ ᠵᠠᠯᠠᠬᠤ ᠪᠠᠷ ᠰᠢᠢᠳᠬᠦ ᠨᠢ ᠰᠢᠢᠳᠦᠭᠰᠡᠨ ᠭᠡᠨ᠎ᠡ᠃  
 ᠬᠤᠤᠷᠠᠨ ᠱᠣᠣ ᠶ᠋ᠢᠨ ᠶᠡᠬᠡ ᠳᠠᠯᠠᠢ ᠲᠠᠢ ᠭᠡᠨ᠎ᠡ   
 ᠬᠣᠣᠷᠲᠠᠨ ᠮᠣᠭᠠᠢ ᠶ᠋ᠢᠨ ᠶᠡᠬᠡ ᠳᠠᠢᠰᠤᠨ ᠲᠠᠢ ᠭᠡᠨ᠎ᠡ 
 ᠲᠤᠷᠤᠭ ᠰᠢᠪᠠᠭᠤᠨ ᠲᠤᠷᠠᠵᠤ ᠬᠦᠷᠦᠮᠡᠷ  
 ᠬᠣᠯᠠ ᠭᠠᠵᠠᠷ ᠭᠡᠨ᠎ᠡ  
 ᠡᠯᠢᠶ᠎ᠡ ᠰᠢᠪᠠᠭᠤᠨ ᠭᠤᠷᠪᠠ ᠥᠨᠳᠡᠭᠡᠯᠡᠵᠦ ᠬᠦᠷᠦᠮᠡᠷ  
 ᠬᠣᠯᠠ ᠭᠠᠵᠠᠷ ᠭᠡᠨ᠎ᠡ !》 ᠭᠡᠵᠦ ᠬᠡᠯᠡᠪᠡ ᠭᠡᠨ᠎ᠡ 
 《 ᠠ ᠂ ᠲᠡᠭᠡᠭᠰᠡᠨ ᠬᠣᠢᠨ᠎ᠠ ᠪᠠᠨ  
 ᠳᠡᠭᠦᠦ ᠮᠢᠨᠢ ᠡᠦᠲᠦ ᠴᠢ ᠰᠠᠨᠠᠭ᠎ᠠ ᠵᠣᠪᠠᠬᠤ ᠬᠡᠷᠡᠭ ᠦᠭᠡᠢ 
 ᠠᠮᠢᠲᠠᠨ ( ᠬᠥᠮᠦᠨ ) ᠪᠢ ᠲᠠᠨᠢᠨ᠎ᠠ ᠭᠠᠵᠠᠷ ᠪᠢ ᠮᠡᠳᠡᠨ᠎ᠡ 》 ᠭᠡᠵᠦ  
 ᠮᠠᠳ ᠤᠯᠠᠭᠠᠨ ᠬᠥᠪᠡᠭᠦᠨ ᠬᠡᠯᠡᠪᠡ ᠭᠡᠨ᠎ᠡ ᠃  
 ᠲᠡᠭᠡᠵᠢᠨ ( ᠲᠡᠭᠡᠵᠦ ) ᠠᠪᠤᠭᠠᠳ  ᠲᠡᠨᠳᠡ ᠡᠴᠡ ᠨᠢ  
 ᠴᠠᠭᠠᠷ᠎ᠠ ( ᠴᠠᠰᠢ ᠪᠠᠨ ) ᠶᠠᠪᠤᠪᠠ ᠭᠡᠨ᠎ᠡ᠃ 
 ᠠᠰᠬᠠᠨ ( ᠦᠳᠡᠰᠢ ) ᠬᠦᠷᠴᠦ ᠪᠠᠭᠤᠪᠠ ᠭᠡᠨ᠎ᠡ᠃  
《 ᠵᠠ ᠂ ᠳᠡᠭᠦᠦ ᠮᠢᠨᠢ !  
 ᠴᠢ ᠡᠨᠡ ᠲᠣᠯᠣᠭᠠᠢ (ᠥᠨᠳᠥᠷ ) ᠦ᠋ᠨ ᠳᠡᠭᠡᠷ᠎ᠡ ᠭᠠᠷᠤᠭᠠᠴᠢ  
 ᠴᠢᠮ᠎ᠠ ᠳ᠋ᠤ᠌ ᠶᠠᠭᠤᠨ ᠦᠵᠡᠭᠳᠡᠨ᠎ᠡ ?》 ᠭᠡᠵᠦ ᠬᠡᠯᠡᠪᠡ ᠭᠡᠨ᠎ᠡ ᠃  
 ᠭᠠᠷᠴᠢᠨ ( ᠭᠠᠷᠴᠤ ) ᠬᠠᠯᠢᠶᠠᠪᠠ ( ᠬᠠᠷᠠᠪᠠ ) ᠭᠡᠨ᠎ᠡ  
 《 ᠦ ᠂ ᠨᠢᠭᠡ ᠶᠡᠬᠡ ᠳᠠᠪᠠᠬᠤ ᠨᠢ ᠳᠠᠪᠠᠴᠠᠭᠠᠨ * ᠦᠭᠡᠢ  
 ᠲᠣᠭᠣᠷᠢᠬᠤ ᠨᠢ ᠲᠣᠭᠣᠷᠢᠴᠠᠭᠠᠨ * ᠦᠭᠡᠢ 
 ᠨᠢᠭᠡ ᠶᠡᠬᠡ ᠴᠠᠩᠬᠢᠷ ᠴᠠᠭᠠᠨ ᠬᠠᠳᠠ ᠪᠠᠢᠨ᠎ᠠ  
 ᠡᠨᠡᠭᠦᠨ ( ᠡᠭᠦᠨ ) ᠳ᠋ᠦ᠍ ᠶᠠᠭᠠᠬᠢᠵᠤ ᠭᠠᠷᠬᠤ ᠪᠣᠢ? 》 ᠭᠡᠵᠦ ᠬᠡᠯᠡᠪᠡ ᠭᠡᠨ᠎ᠡ ᠃  
 《 ᠠ! ᠳᠡᠭᠦᠦ ᠮᠢᠨᠢ  ᠲᠡᠷᠡ ᠴᠢᠨᠢ ᠶᠠᠮᠠᠷ ᠤ᠋ᠨ 
 ᠴᠠᠩᠬᠢᠷ ᠴᠠᠭᠠᠨ ᠬᠠᠳᠠ ᠪᠠᠢᠬᠤ ᠪᠣᠢ  
 ᠲᠡᠭᠷᠢ ᠶ᠋ᠢᠨ ᠬᠣᠣᠷᠲᠠᠨ ᠳᠣᠯᠣᠭᠠᠨ ᠲᠠᠷᠪᠠᠭ᠎ᠠ ᠭᠡᠭᠴᠢ  
 ᠲᠡᠷᠡ ᠪᠠᠢᠨ᠎ᠠ !  
 ᠳᠣᠯᠣᠭᠠᠨ ᠡᠳᠦᠷ ᠦ᠋ᠨ ᠬᠠᠯᠠᠭᠤ ᠲᠠᠪᠢᠬᠤ ( ᠲᠠᠯᠪᠢᠬᠤ ) ᠳ᠋ᠤ᠌ 
 ᠨᠦᠬᠡᠨ ᠳ᠋ᠡᠭᠡᠨ ᠲᠣᠯᠣᠭᠠᠢ ᠪᠠᠨ ᠲᠦᠷ ᠰᠢᠷᠭᠤᠭᠤᠯᠤᠨ ᠬᠡᠪᠲᠡᠳᠡᠭ ᠪᠢᠯᠡ 
 ᠲᠡᠭᠡᠬᠦ ᠳ᠋ᠦ᠍ ᠬᠤᠷᠳᠤᠨ ᠭᠠᠷᠤᠭᠠᠳ ᠣᠳᠳᠠᠭ ᠠ᠋ 》 ᠭᠡᠵᠦ ᠬᠡᠯᠡᠪᠡ ᠭᠡᠨ᠎ᠡ   
 ᠳᠣᠯᠣᠭᠠᠨ ᠬᠣᠨᠣᠭ ᠤ᠋ᠨ ᠬᠠᠯᠠᠭᠤ ᠲᠠᠪᠢᠵᠢᠨ ( ᠲᠠᠯᠪᠢᠵᠤ )ᠣᠷᠬᠢᠭᠠᠳ 
 ᠲᠡᠭᠷᠢ ᠶ᠋ᠢᠨ ᠬᠣᠣᠷᠲᠠᠨ ᠳᠣᠯᠣᠭᠠᠨ ᠲᠠᠷᠪᠠᠭ᠎ᠠ 
 ᠨᠦᠬᠡᠨ ᠳ᠋ᠡᠭᠡᠨ ᠲᠣᠯᠣᠭᠠᠢ ᠪᠠᠨ ᠲᠦᠷ ᠰᠢᠷᠭᠤᠯᠠᠨ ᠬᠡᠪᠲᠡᠬᠦ ᠳ᠋ᠦ᠍ 
 ᠭᠠᠷᠤᠭᠠᠳ ᠣᠳᠪᠠ ᠭᠡᠨ᠎ᠡ ᠃ 
 ᠲᠡᠨᠳᠡ ᠡᠴᠡ ᠨᠢ ᠴᠠᠭᠠᠷ᠎ᠠ ᠶᠠᠪᠤᠵᠢᠨ( ᠴᠠᠰᠢ ᠶᠠᠪᠤᠵᠤ )  
 ᠠᠰᠬᠠᠨ ( ᠦᠳᠡᠰᠢ ) ᠪᠠᠭᠤᠪᠠ ᠭᠡᠨ᠎ᠡ 
 《 ᠵᠠ! ᠳᠡᠭᠦᠦ ᠮᠢᠨᠢ ᠴᠢ 
 ᠡᠨᠡ ᠲᠣᠯᠣᠭᠠᠢ ( ᠥᠨᠳᠥᠷ ) ᠦ᠋ᠨ ᠳᠡᠭᠡᠷ᠎ᠡ ᠭᠠᠷᠤᠭᠠᠴᠢ ! 
 ᠡᠦᠲᠦ ᠴᠢᠮ᠎ᠠ ᠳ᠋ᠤ᠌ ᠶᠠᠭᠤᠨ ᠦᠵᠡᠭᠳᠡᠨ᠎ᠡ ?》
 ᠭᠡᠵᠦ ᠬᠡᠯᠡᠪᠡ ᠭᠡᠨ᠎ᠡ᠃  
 ᠭᠠᠷᠴᠢᠨ ᠬᠠᠯᠢᠶᠠᠪᠠ ( ᠭᠠᠷᠴᠤ ᠬᠠᠷᠠᠪᠠ ) ᠭᠡᠨ᠎ᠡ  
 《 ᠦ ᠂ ᠠᠬ᠎ᠠ ᠮᠢᠨᠢ ᠂ ᠠᠬ᠎ᠠ ᠮᠢᠨᠢ  
 ᠭᠠᠲᠤᠯᠬᠤ ᠨᠢ ᠭᠠᠲᠤᠯᠭᠠᠨ * ᠦᠭᠡᠢ  
 ᠲᠣᠭᠣᠷᠢᠬᠤ ᠨᠢ ᠲᠣᠭᠣᠷᠢᠴᠠᠭᠠᠨ * ᠦᠭᠡᠢ  
 ᠨᠢᠭᠡ ᠶᠡᠬᠡ ᠬᠥᠯ ᠦᠭᠡᠢ ᠬᠥᠬᠡ ᠳᠠᠯᠠᠢ ᠪᠠᠢᠨ᠎ᠠ  
 ᠡᠨᠡᠭᠦᠨ ( ᠡᠭᠦᠨ ) ᠳ᠋ᠦ᠍ ᠶᠠᠭᠠᠬᠢᠵᠤ ᠭᠠᠷᠬᠤ ᠪᠣᠢ?》 
 ᠭᠡᠵᠦ ᠬᠡᠯᠡᠪᠡ ᠭᠡᠨ᠎ᠡ  
 《 ᠠ! ᠳᠡᠭᠦᠦ ᠮᠢᠨᠢ ᠲᠡᠷᠡ ᠪᠣᠯᠬᠤᠯ᠎ᠠ ᠨᠢ  
 ᠲᠡᠭᠷᠢ ᠶ᠋ᠢᠨ ᠬᠤᠤᠷᠠᠨ ᠱᠣᠣ ᠳᠠᠯᠠᠢ ᠭᠡᠳᠡᠭ ᠲᠡᠷᠡ ᠪᠠᠢᠨ᠎ᠠ  
 ᠬᠥᠪᠡᠭᠡ ᠳᠡᠭᠡᠷ᠎ᠡ ᠨᠢ ᠬᠦᠷᠦᠭᠡᠳ  
 ᠮᠣᠷᠢᠨ ᠤ᠋ ᠪᠠᠨ ᠲᠣᠰᠣᠨ ᠴᠢᠮᠦᠭᠡᠨ ᠳ᠋ᠦ᠍ᠨᠢ ᠬᠦᠷᠲᠡᠯ᠎ᠡ  
 ᠭᠤᠷᠪᠠ ᠭᠤᠷᠪᠠᠨ ᠲᠠᠰᠢᠭᠤᠷ ᠥᠭᠭᠦᠭᠡᠳ ( ᠲᠠᠰᠢᠭᠤᠷᠳᠠᠭᠠᠳ )ᠣᠷᠬᠢᠪᠠᠯ  
 ᠦᠰᠦᠷᠦᠭᠡᠳ ᠦᠰᠦᠷᠦᠭᠡᠳ ᠭᠠᠷᠤᠭᠠᠳ ᠣᠳᠳᠠᠭ ᠠ᠋ !》 
 ᠭᠡᠵᠦ ᠬᠡᠯᠡᠪᠡ ᠭᠡᠨ᠎ᠡ ᠃  
 ᠭᠤᠷᠪᠠ ᠭᠤᠷᠪᠠᠨ ᠲᠠᠰᠢᠭᠤᠷ ᠥᠭᠬᠦ ᠳ᠋ᠦ᠍  
 ᠦᠰᠦᠷᠦᠭᠡᠳ ᠦᠰᠦᠷᠦᠭᠡᠳ ᠭᠠᠷᠪᠠ ᠭᠡᠨ᠎ᠡ  
 ᠠᠷᠤ ᠳ᠋ᠤ᠌ ( ᠬᠣᠢᠲᠤ ) ᠬᠣᠶᠠᠷ ᠲᠤᠭᠤᠷᠠᠢ ᠨᠢ  
 ᠬᠣᠳᠬᠣᠭᠳᠠᠭᠠᠳ ᠬᠣᠳᠬᠣᠭᠳᠠᠭᠠᠳ ᠣᠷᠬᠢᠪᠠ ᠭᠡᠨ᠎ᠡ  
 ᠮᠥᠯᠲᠥᠷᠡᠭᠡᠳ ᠮᠥᠯᠲᠥᠷᠡᠭᠡᠳ ᠤᠨᠠᠪᠠ ᠭᠡᠨ᠎ᠡ ᠃ 
 ᠬᠣᠨᠣᠭᠤᠯᠳᠠᠭ ᠦᠭᠡᠢ 
 ᠬᠣᠨᠢᠨ ᠴᠠᠭᠠᠨ ᠡᠮ ᠢ᠋ᠶ᠋ᠡᠨ ᠰᠠᠴᠤᠪᠠ ᠭᠡᠨ᠎ᠡ  
 ᠦᠳᠡᠯᠡᠳᠡᠭ ( ᠦᠳᠡ ᠪᠣᠯᠭᠠᠳᠠᠭ ) ᠦᠭᠡᠢ  
 ᠦᠨᠡᠨ ᠴᠠᠭᠠᠨ ᠡᠮ ᠢ᠋ᠶ᠋ᠡᠨ ᠰᠠᠴᠤᠵᠢᠨ( ᠰᠠᠴᠤᠵᠤ ) 
 ᠠᠶᠠᠲᠠᠭᠠᠵᠢᠨ ( ᠡᠳᠡᠭᠡᠷᠡᠭᠦᠯᠦᠨ ) ᠠᠪᠤᠪᠠ ᠭᠡᠨ᠎ᠡ ᠃  
 ᠲᠡᠳᠡ ᠡᠴᠡ ᠨᠢ ᠴᠠᠭᠠᠷ᠎ᠠ ( ᠴᠠᠰᠢ ᠪᠠᠨ ) ᠶᠠᠪᠤᠪᠠ ᠭᠡᠨ᠎ᠡ ᠃ 
 ᠠᠰᠬᠠᠨ ( ᠦᠳᠡᠰᠢ ) ᠬᠦᠷᠴᠦ ᠪᠠᠭᠤᠪᠠ ᠭᠡᠨ᠎ᠡ ᠃ 
 《 ᠵᠠ! ᠳᠡᠭᠦᠦ ᠮᠢᠨᠢ ᠴᠢ 
 ᠡᠨᠡ ᠲᠣᠯᠣᠭᠠᠢ ( ᠥᠨᠳᠥᠷ ) ᠦ᠋ᠨ ᠳᠡᠭᠡᠷ᠎ᠡ ᠭᠠᠷᠤᠭᠠᠴᠢ 
 ᠡᠦᠲᠦ ᠴᠢᠮ᠎ᠠ ᠳ᠋ᠤ᠌ ᠶᠠᠭᠤᠨ ᠦᠵᠡᠭᠳᠡᠨ᠎ᠡ? 》 ᠭᠡᠵᠦ ᠬᠡᠯᠡᠪᠡ ᠭᠡᠨ᠎ᠡ   
 ᠭᠠᠷᠴᠢᠨ ᠬᠠᠯᠢᠶᠠᠪᠠ ( ᠭᠠᠷᠴᠤ ᠬᠠᠷᠠᠪᠠ ) ᠭᠡᠨ᠎ᠡ ᠃  
 《 ᠦ ᠂ ᠨᠢᠭᠡ  ᠳᠠᠪᠠᠬᠤ ᠨᠢ ᠳᠠᠪᠠᠴᠠᠭᠠᠨ * ᠦᠭᠡᠢ  
 ᠲᠣᠭᠣᠷᠢᠬᠤ ᠨᠢ ᠲᠣᠭᠣᠷᠢᠴᠠᠭᠠᠨ * ᠦᠭᠡᠢ  
 ᠨᠢᠭᠡᠨ ᠶᠡᠬᠡ ᠬᠠᠷ᠎ᠠ ᠠᠭᠤᠯᠠ ᠪᠠᠢᠨ᠎ᠠ 
 ᠡᠨᠡᠭᠦᠨ( ᠡᠭᠦᠨ ) ᠳ᠋ᠦ᠍ ᠶᠠᠭᠠᠬᠢᠵᠤ ᠭᠠᠷᠬᠤ ᠪᠣᠢ? 》 
 ᠭᠡᠵᠦ ᠬᠡᠯᠡᠪᠡ ᠭᠡᠨ᠎ᠡ᠃  
 《 ᠠ! ᠳᠡᠭᠦᠦ ᠮᠢᠨᠢ  
 ᠲᠡᠷᠡ ᠴᠢᠨᠢ ᠶᠠᠮᠠᠷ ᠶᠤᠮ ᠠᠭᠤᠯᠠ ᠪᠠᠢᠬᠤ ᠪᠣᠢ  
 ᠲᠡᠭᠷᠢ ᠶ᠋ᠢᠨ ᠬᠣᠣᠷᠲᠠᠨ ᠮᠣᠭᠠᠢ ᠭᠡᠭᠴᠢ ᠲᠡᠷᠡ ᠪᠠᠢᠨ᠎ᠠ !  
 ᠳᠣᠯᠣᠭᠠᠨ ᠬᠣᠨᠣᠭ ᠤ᠋ᠨ ᠲᠡᠮᠦᠷ ᠮᠥᠨᠳᠥᠷ ᠪᠠᠭᠤᠯᠭᠠᠵᠤ ᠢᠷᠡᠬᠦ ᠳ᠋ᠦ᠍ 
 ᠨᠦᠬᠡᠨ ᠦ᠌ ᠮᠤᠬᠤᠷ ᠲᠠᠭᠠᠨ ᠲᠦᠷ ᠣᠷᠣᠵᠤ ᠬᠡᠪᠲᠡᠳᠡᠭ ᠪᠢᠯᠡ 
 ᠲᠡᠭᠡᠬᠦ ᠳ᠋ᠦ᠍ ᠬᠤᠷᠳᠤᠨ ᠭᠠᠷᠤᠭᠠᠳ ᠣᠳᠳᠠᠭ ᠠ᠋ 》 
 ᠭᠡᠵᠦ ᠬᠡᠯᠡᠪᠡ ᠭᠡᠨ᠎ᠡ᠃ 
 ᠲᠡᠭᠡᠭᠡᠳ ᠳᠣᠯᠣᠭᠠᠨ ᠬᠣᠨᠣᠭ ᠤ᠋ᠨ ᠲᠡᠮᠦᠷ ᠮᠥᠨᠳᠥᠷ ᠢ᠋ 
 ᠪᠠᠭᠤᠯᠭᠠᠵᠢᠨ ( ᠪᠠᠭᠤᠯᠭᠠᠵᠤ ) ᠣᠷᠬᠢᠭᠠᠳ  
 ᠲᠡᠭᠷᠢ ᠶ᠋ᠢᠨ ᠬᠣᠣᠷᠲᠠᠨ ᠮᠣᠭᠠᠢ 
 ᠨᠦᠬᠡᠨ ᠦ᠌ ᠮᠤᠬᠤᠷ ᠲᠠᠭᠠᠨ ᠲᠦᠷ ᠣᠷᠣᠵᠤ ᠬᠡᠪᠲᠡᠬᠦ ᠳ᠋ᠦ᠍ᠨᠢ 
 ᠶᠠᠪᠤᠵᠢᠨ ( ᠶᠠᠪᠤᠵᠤ )  ᠪᠠᠢᠪᠠ ᠭᠡᠨ᠎ᠡ ᠃  
 ᠲᠡᠭᠡᠬᠦ ᠳ᠋ᠦ᠍ ᠬᠠᠨ ᠴᠡᠩᠭᠡᠯ ᠬᠥᠪᠡᠭᠦᠨ ᠬᠡᠯᠡᠪᠡ ᠭᠡᠨ᠎ᠡ 
 《 ᠠᠬ᠎ᠠ ᠮᠢᠨᠢ ᠂ ᠠᠬ᠎ᠠ ᠮᠢᠨᠢ! 
 ᠡᠨᠡ ᠱᠠᠯᠠ * ᠶᠠᠮᠠᠷ ᠭᠡᠭᠴᠢ ᠰᠠᠢᠬᠠᠨ ᠡᠷᠢᠶ᠎ᠡ ᠲᠡᠢ  
 ᠱᠠᠯᠠ * ᠪᠣᠢ? 》 ᠭᠡᠵᠦ ᠬᠡᠯᠡᠪᠡ ᠭᠡᠨ᠎ᠡ  
 《 ᠦ᠂ ᠳᠡᠭᠦᠦ ᠮᠢᠨᠢ 
 ᠪᠠᠭᠠᠬᠠᠨ( ᠳᠣᠣᠷ᠎ᠠ ) ᠳᠤᠤᠭᠠᠷ ᠴᠢ  
 ᠶᠠᠮᠠᠷ ᠤ᠋ᠨ ᠡᠷᠢᠶ᠎ᠡ ᠲᠡᠢ ᠱᠠᠯᠠ * ᠪᠠᠢᠳᠠᠭ ᠪᠣᠢ  
 ᠬᠣᠣᠷᠲᠠᠨ ᠮᠣᠭᠠᠢ ᠶ᠋ᠢᠨ ᠨᠢᠷᠤᠭᠤᠨ ᠪᠠᠢᠨ᠎ᠠ !》 
 ᠭᠡᠵᠦ ᠬᠡᠯᠡᠪᠡ ᠭᠡᠨ᠎ᠡ᠃  
 ᠲᠡᠨᠳᠡ ᠡᠴᠡ ᠨᠢ ᠴᠠᠭᠠᠷ᠎ᠠ ( ᠴᠠᠰᠢ ) ᠭᠠᠷᠪᠠ ᠭᠡᠨ᠎ᠡ  
 ᠴᠠᠰᠤᠨ ᠪᠣᠯᠬᠤᠯ᠎ᠠ ᠨᠢ ᠡᠪᠦᠯ ᠪᠣᠯᠵᠤ ᠪᠣᠢ ᠪᠠᠢᠨ᠎ᠠ  
 ᠬᠤᠷ᠎ᠠ ᠪᠣᠯᠬᠤᠯ᠎ᠠ ᠨᠢ ᠵᠤᠨ ᠪᠣᠯᠵᠤ ᠪᠣᠢ ᠪᠠᠢᠨ᠎ᠠ ᠭᠡᠵᠦ 
 ᠪᠣᠳᠣᠭᠠᠳ ᠲᠠᠪᠠᠯᠭᠠᠭᠠᠳ * ᠪᠠᠢᠪᠠ᠃   
 ᠨᠢᠭᠡᠨ ᠡᠳᠦᠷ ᠪᠣᠯᠪᠠ ᠭᠡᠨ᠎ᠡ 
 ᠵᠠᠭ ᠮᠣᠳᠣ ᠨᠠᠢᠭᠤᠭᠰᠠᠨ 
 ᠵᠠᠬ᠎ᠠ ᠬᠣᠨᠢᠴᠢᠨ ᠳ᠋ᠤ᠌ ᠬᠦᠷᠦᠭᠡᠳ ᠢᠷᠡᠪᠡ ᠭᠡᠨ᠎ᠡ  
 ᠨᠢᠭᠡᠨ ᠬᠥᠭᠰᠢᠨ ᠬᠥᠮᠦᠨ 
 ᠬᠣᠨᠢ ᠬᠠᠷᠢᠭᠤᠯᠵᠢᠨ ( ᠬᠠᠷᠢᠭᠤᠯᠵᠤ ) ᠪᠠᠢᠪᠠ ᠭᠡᠨ᠎ᠡ᠃  
 《 ᠲᠠᠨ᠎ᠠ ᠬᠣᠶᠠᠷ ᠨᠢᠭᠤᠷ ᠲᠤ᠌ ᠪᠠᠨ ᠭᠠᠯ ᠲᠠᠢ  
 ᠨᠢᠳᠦᠨ ᠳ᠋ᠦ᠍ ᠪᠡᠨ ᠴᠣᠭ ᠲᠠᠢ 
 ᠪᠣᠰᠢ ᠦᠭᠡᠢ ( ᠣᠨᠴᠠ ) ᠬᠡᠴᠡᠭᠦᠦ ( ᠴᠢᠳᠠᠪᠤᠷᠢᠲᠠᠢ ) ᠬᠥᠪᠡᠭᠦᠨ  
 ᠬᠠᠮᠢᠭ᠎ᠠ ᠶᠠᠪᠤᠵᠢᠨ ( ᠶᠠᠪᠤᠵᠤ ) ᠪᠠᠢᠨ᠎ᠠ ᠪᠣᠢ?  
 ᠨᠤᠲᠤᠭ ᠤᠰᠤᠨ ᠴᠢᠨᠢ ᠬᠠᠮᠢᠭ᠎ᠠ ᠪᠣᠢ ? 
 ᠡᠵᠡᠨ ᠨᠣᠶᠠᠨ ᠴᠢᠨᠢ ᠬᠡᠨ ᠪᠣᠢ?》 ᠭᠡᠵᠦ ᠰᠤᠷᠠᠪᠠ ᠭᠡᠨ᠎ᠡ᠃  
 ᠲᠡᠭᠡᠬᠦ ᠳ᠋ᠦ᠍ ᠮᠠᠳ ᠤᠯᠠᠭᠠᠨ ᠬᠥᠪᠡᠭᠦᠨ ᠬᠡᠯᠡᠪᠡ ᠭᠡᠨ᠎ᠡ  
 《 ᠮᠠᠨ᠎ᠠ ᠬᠣᠶᠠᠷ ᠪᠣᠯᠬᠤᠯ᠎ᠠ ᠨᠢ 
 ᠪᠠᠷᠠᠭᠤᠨ ᠬᠣᠢᠲᠤ ᠵᠦᠭ ᠢ᠋  
 ᠪᠠᠷᠢᠨ ᠡᠵᠡᠯᠡᠨ ᠰᠠᠭᠤᠭᠰᠠᠨ  
 ᠪᠠᠶᠠᠨ ᠬᠦᠳᠡᠷ ᠠᠯᠲᠠᠢ ᠬᠠᠭᠠᠨ ᠤ᠋  
 ᠬᠣᠶᠠᠷ ᠲᠠᠢᠵᠢ ᠪᠠᠢᠨ᠎ᠠ ᠃ 
 ᠮᠠᠨ᠎ᠠ ᠠᠪᠤ ᠪᠠᠯᠮᠠᠭᠡᠷᠡᠯ ᠬᠠᠭᠠᠨ 
 ᠬᠣᠶᠠᠷ ᠪᠠᠲᠤᠲᠠᠢᠬᠠᠨ ᠭᠤᠷᠪᠠᠨ ᠦᠭᠡ  
 ᠬᠦᠦᠨᠢᠯᠳᠦᠬᠦ ( ᠶᠠᠷᠢᠯᠴᠠᠬᠤ ) ᠨᠢ ᠬᠦᠦᠨᠢᠯᠳᠦᠭᠰᠡᠨ ᠭᠡᠨ᠎ᠡ  
 ᠨᠠᠷᠠᠨᠽᠠᠠᠳᠠᠨ ᠠᠪᠠᠬᠠᠢ ᠶ᠋ᠢ ᠵᠠᠯᠠᠬᠤ ᠪᠠᠷ 
 ᠰᠢᠢᠳᠬᠦ ᠨᠢ ᠰᠢᠢᠳᠦᠭᠰᠡᠨ ᠭᠡᠨ᠎ᠡ  
 ᠲᠡᠭᠡᠭᠡᠳ ᠪᠢ ᠡᠨᠡ ᠳᠡᠭᠦᠦ ᠬᠥᠪᠡᠭᠦᠨ ᠢ᠋ 
 ᠳᠠᠭᠠᠭᠤᠯᠤᠭᠠᠳ ᠢᠷᠡᠵᠢᠨ( ᠢᠷᠡᠵᠦ ) ᠪᠠᠢᠨ᠎ᠠ 》 
 ᠭᠡᠵᠦ ᠬᠡᠯᠡᠪᠡ ᠭᠡᠨ᠎ᠡ ᠃ 
 《 ᠦ ᠂ ᠲᠡᠭᠡᠭᠰᠡᠨ ᠬᠣᠢᠨ᠎ᠠ ᠪᠠᠨ ᠬᠡᠦᠬᠡᠦᠰ ( ᠬᠡᠦᠬᠡᠳ ) ᠮᠢᠨᠢ  
 ᠰᠢᠮᠳᠠᠭᠤᠨ ( ᠬᠤᠷᠳᠤᠨ ) ᠶᠠᠪᠤ᠂ ᠰᠢᠮᠳᠠᠭᠤᠨ ( ᠬᠤᠷᠳᠤᠨ ) ᠶᠠᠪᠤ !  
 ᠨᠠᠷᠠᠨᠽᠠᠠᠳᠠᠨ ᠠᠪᠠᠬᠠᠢ ᠶ᠋ᠢ ᠵᠠᠯᠠᠵᠢᠨ ( ᠵᠠᠯᠠᠵᠤ ) ᠠᠪᠤᠨ᠎ᠠ ᠭᠡᠵᠦ
 ᠲᠡᠭᠷᠢ ᠶ᠋ᠢᠨ ᠬᠦᠯᠦᠭ ᠬᠥᠬᠡ ᠪᠠᠭᠠᠲᠤᠷ  
 ᠪᠠᠯᠮᠠᠭᠡᠷᠡᠯ ᠬᠠᠭᠠᠨ ᠤ᠋ ᠳ᠋ᠤ᠌ ᠢᠷᠡᠵᠦ  
 ᠭᠤᠷᠪᠠ ᠬᠣᠨᠣᠵᠤ ᠪᠣᠢ ᠵᠠᠩᠭᠢ ᠲᠠᠢ ᠪᠢᠯᠡ 》
 ᠭᠡᠵᠦ ᠬᠡᠯᠡᠪᠡ ᠭᠡᠨ᠎ᠡ᠃  
 ᠲᠡᠷᠡ ᠴᠢᠭ ᠲᠦ᠍ ( ᠳᠣᠣᠷ᠎ᠠ ) ᠪᠠᠨ ᠬᠣᠶᠠᠭᠤᠯᠠ 
 ᠦᠰᠦᠷᠦᠭᠡᠳ ( ᠳᠠᠪᠬᠢᠯᠤᠭᠠᠳ ) 
 ᠪᠠᠯᠮᠠᠭᠡᠷᠡᠯ ᠬᠠᠭᠠᠨ ᠤ᠋ ᠳ᠋ᠤ᠌ ᠬᠦᠷᠦᠭᠡᠳ ᠣᠳᠪᠠ ᠭᠡᠨ᠎ᠡ᠃  
 ᠭᠡᠷ ᠲᠦ᠍ ᠨᠢ ᠲᠡᠭᠷᠢ ᠶ᠋ᠢᠨ ᠬᠦᠯᠦᠭ ᠬᠥᠬᠡ ᠪᠠᠭᠠᠲᠤᠷ  
 ᠰᠠᠭᠤᠵᠢᠨ ( ᠰᠠᠭᠤᠵᠤ ) ᠪᠠᠢᠪᠠ ᠭᠡᠨ᠎ᠡ ᠃  
 ᠲᠡᠭᠡᠬᠦ ᠳ᠋ᠦ᠍ ᠪᠠᠯᠮᠠᠭᠡᠷᠡᠯ ᠬᠠᠭᠠᠨ ᠬᠡᠯᠡᠪᠡ ᠭᠡᠨ᠎ᠡ  
  《 ᠠ ᠮᠤᠬᠤᠯᠠᠢ ᠴᠢ ᠨᠢᠭᠡ ᠭᠠᠷᠤᠭᠠᠳ  
 ᠬᠠᠯᠢᠶᠠᠵᠢᠨ ᠣᠷᠭᠢ ( ᠦᠵᠡᠭᠡᠳ ᠢᠷ᠎ᠡ ) ᠴᠢ ᠂  
 ᠡᠨᠡ ᠭᠠᠵᠠᠭ᠎ᠠ ( ᠭᠠᠳᠠᠨ᠎ᠠ ) ᠨᠢᠭᠡ ᠶ᠋ᠢᠨ ( ᠨᠢᠭᠡ ᠶᠠᠭᠤᠮ᠎ᠠ ) 
 ᠰᠡᠷ ᠰᠤᠷ ᠭᠡᠮᠡᠷ ᠪᠣᠯᠳᠠᠭ ᠶᠠᠭᠤ ᠪᠠᠢᠨ᠎ᠠ?》 
 ᠭᠡᠵᠦ ᠬᠡᠯᠡᠪᠡ ᠭᠡᠨ᠎ᠡ᠃ 
 ᠭᠠᠷᠤᠭᠠᠳ ᠬᠠᠯᠢᠶᠠᠪᠠ ( ᠬᠠᠷᠠᠪᠠ ) ᠭᠡᠨ᠎ᠡ  
 《 ᠨᠢᠭᠤᠷ ᠲᠤ᠌ ᠪᠠᠨ ᠭᠠᠯ ᠲᠠᠢ 
 ᠨᠢᠳᠦᠨ ᠳ᠋ᠦ᠍ ᠪᠡᠨ ᠴᠣᠭ ᠲᠠᠢ ᠬᠣᠶᠠᠷ ᠬᠥᠪᠡᠭᠦᠨ 
 ᠵᠠᠯᠠᠭᠤ ᠽᠠᠨᠳᠠᠨ ᠠ᠋ᠴᠠ 
 ᠮᠣᠷᠢ ᠪᠠᠨ ᠤᠶᠠᠵᠢᠨ( ᠤᠶᠠᠵᠤ ) ᠪᠠᠢᠨ᠎ᠠ 
 ᠬᠥᠭᠰᠢᠨ ᠽᠠᠨᠳᠠᠨ ᠳ᠋ᠤ᠌ ᠮᠣᠷᠢ ᠪᠠᠨ 
 ᠰᠡᠭᠦᠳᠡᠷᠯᠡᠭᠦᠯᠵᠢᠨ ᠪᠠᠢᠨ᠎ᠠ ! 》 ᠭᠡᠵᠦ ᠬᠡᠯᠡᠪᠡ ᠭᠡᠨ᠎ᠡ᠃  
 《 ᠦ ᠂ ᠲᠡᠭᠡᠭᠰᠡᠨ ᠬᠣᠢᠨ᠎ᠠ
 ᠳᠡᠭᠡᠳᠦ ᠲᠣᠲᠣᠭᠣ ᠳ᠋ᠤ᠌ 
 ᠠᠯᠲᠠᠨ ᠪᠠᠭᠠᠨ᠎ᠠ ᠬᠥᠰᠢᠭᠡᠳ ᠣᠷᠭᠢ ᠴᠢ !  
 ᠳᠣᠣᠷᠠᠲᠤ ᠡᠷᠭᠢᠨ ( ᠪᠣᠱᠣᠭ᠎ᠠ ) ᠳ᠋ᠤ᠌  
 ᠮᠥᠩᠭᠥᠨ ᠪᠠᠭᠠᠨ᠎ᠠ ᠬᠥᠰᠢᠭᠡᠳ ᠣᠷᠭᠢ ᠴᠢ !》 ᠭᠡᠵᠦ ᠬᠡᠯᠡᠭᠡᠳ 
 ᠪᠠᠯᠮᠠᠭᠡᠷᠡᠯ ᠬᠠᠭᠠᠨ ᠪᠠᠷᠠᠭᠤᠨ ᠡᠪᠦᠳᠦᠭ ᠢ᠋ᠶ᠋ᠡᠨ ᠲᠠᠰᠢᠵᠤ 
 ᠪᠠᠰ ᠪᠠᠰ ᠢᠨᠢᠶᠡᠵᠦ  
 ᠡᠮᠦᠷ᠎ᠡ ᠡᠮᠦᠷ᠎ᠡ ( ᠤᠷᠤᠭᠰᠢ ) ᠮᠣᠷᠢᠯᠠᠵᠢᠨ ( ᠰᠠᠭᠤᠵᠤ ) ᠪᠠᠢᠪᠠ ᠭᠡᠨ᠎ᠡ᠃ 
 ᠲᠡᠭᠡᠬᠦ ᠳ᠋ᠦ᠍ ᠬᠦᠷᠦᠭᠡᠳ ᠢᠷᠡᠪᠡ ᠭᠡᠨ᠎ᠡ  
 ᠳᠡᠭᠡᠳᠦ ᠲᠣᠲᠣᠭᠣ ᠳ᠋ᠤ᠌ ᠬᠥᠰᠢᠭᠰᠡᠨ ᠠᠯᠲᠠᠨ ᠪᠠᠭᠠᠨ᠎ᠠ ᠶ᠋ᠢ 
 ᠮᠠᠳ ᠤᠯᠠᠭᠠᠨ ᠬᠥᠪᠡᠭᠦᠨ 
 ᠳᠤᠭᠤᠯᠠᠭ᠎ᠠ ᠶ᠋ᠢᠨ ᠢ᠋ᠶ᠋ᠡᠨ ᠣᠷᠣᠢ ᠪᠠᠷ  
 ᠲᠠᠰᠤ ᠲᠠᠲᠠᠵᠢᠨ ( ᠲᠠᠲᠠᠵᠤ ) ᠣᠷᠬᠢᠭᠠᠳ ᠢᠷᠡᠪᠡ ᠭᠡᠨ᠎ᠡ  
 ᠳᠣᠣᠷᠠᠲᠤ ᠡᠷᠭᠢᠨ ᠳ᠋ᠦ᠍ ᠬᠥᠰᠢᠭᠰᠡᠨ ᠮᠥᠩᠭᠥᠨ ᠪᠠᠭᠠᠨ᠎ᠠ ᠶ᠋ᠢ 
 ᠬᠠᠨ ᠴᠡᠩᠭᠡᠯ ᠬᠥᠪᠡᠭᠦᠨ ᠬᠤᠭᠤ ᠭᠢᠰᠭᠢᠵᠢᠨ ( ᠭᠢᠰᠬᠢᠵᠦ ) ᠣᠷᠬᠢᠭᠠᠳ 
 ᠬᠦᠷᠦᠭᠡᠳ ᠢᠷᠡᠪᠡ ᠭᠡᠨ᠎ᠡ   
 ᠪᠠᠷᠠᠭᠤᠨ ᠬᠣᠢᠮᠣᠷ ᠨᠢ ᠢᠷᠡᠨ 
 ᠲᠠᠰᠤ ᠵᠠᠮᠢᠯᠠᠨ ( ᠵᠠᠪᠢᠯᠠᠨ ) ᠲᠠᠰᠤ ᠵᠠᠮᠢᠯᠠᠨ 
 ᠰᠠᠭᠤᠭᠠᠳ ᠣᠷᠬᠢᠪᠠ ᠭᠡᠨ᠎ᠡ ᠃ 
 《 ᠵᠠ ᠂ ᠲᠠᠨ᠎ᠠ ᠬᠣᠶᠠᠷ 
 ᠡᠢᠮᠦ ᠴᠣᠭ ᠲᠠᠢ ᠬᠣᠶᠠᠷ ᠬᠥᠪᠡᠭᠦᠨ  
 ᠨᠤᠲᠤᠭ ᠤᠰᠤᠨ ᠴᠢᠨᠢ ᠬᠠᠮᠢᠭ᠎ᠠ ᠪᠣᠢ ?  
 ᠡᠵᠢ ᠠᠪᠤ ᠴᠢᠨᠢ ᠬᠡᠨ ᠪᠣᠢ ?  
 ᠶᠠᠮᠠᠷ ᠬᠡᠷᠡᠭ ᠲᠡᠢ ᠬᠠᠮᠢᠭ᠎ᠠ ᠶᠠᠪᠤᠵᠢᠨ ( ᠶᠠᠪᠤᠵᠤ ) ᠪᠠᠢᠨ᠎ᠠ? 》
 ᠭᠡᠵᠦ ᠬᠡᠯᠡᠪᠡ ᠭᠡᠨ᠎ᠡ ᠃  
 ᠲᠡᠭᠡᠬᠦ ᠳ᠋ᠦ᠍ ᠮᠠᠳ ᠤᠯᠠᠭᠠᠨ ᠬᠥᠪᠡᠭᠦᠨ ᠬᠡᠯᠡᠪᠡ ᠭᠡᠨ᠎ᠡ  
 《 ᠠ ᠂ ᠮᠠᠨ᠎ᠠ ᠬᠣᠶᠠᠷ  
  ᠮᠥᠨ ᠠᠳᠠ ᠶᠠᠪᠤᠵᠢᠨ ( ᠶᠠᠪᠤᠵᠤ ) ᠪᠠᠢᠨ᠎ᠠ 
 ᠮᠠᠨ᠎ᠠ ᠬᠣᠶᠠᠷ ᠪᠣᠯᠬᠤᠯ᠎ᠠ ᠨᠢ 
 ᠪᠠᠷᠠᠭᠤᠨ ᠬᠣᠢᠲᠤ ᠵᠦᠭ ᠢ᠋  
 ᠪᠠᠷᠢᠨ ᠡᠵᠡᠯᠡᠨ ᠰᠠᠭᠤᠭᠰᠠᠨ  
 ᠪᠠᠶᠠᠨ ᠬᠦᠳᠡᠷ ᠠᠯᠲᠠᠢ ᠬᠠᠭᠠᠨ ᠤ᠋  
 ᠬᠣᠶᠠᠷ ᠲᠠᠢᠵᠢ ᠪᠠᠢᠨ᠎ᠠ 
 ᠮᠠᠨ᠎ᠠ ᠠᠪᠤ ᠲᠠ 
 ᠬᠣᠶᠠᠷ ᠪᠠᠲᠤᠲᠠᠢᠬᠠᠨ ᠭᠤᠷᠪᠠᠨ ᠦᠭᠡ  
 ᠬᠦᠦᠨᠢᠯᠳᠦᠬᠦ ( ᠶᠠᠷᠢᠯᠴᠠᠬᠤ ) ᠨᠢ ᠬᠦᠦᠨᠢᠯᠳᠦᠭᠰᠡᠨ ᠭᠡᠨ᠎ᠡ 
 ᠨᠠᠷᠠᠨᠽᠠᠠᠳᠠᠨ ᠠᠪᠠᠬᠠᠢ ᠶ᠋ᠢ ᠵᠠᠯᠠᠬᠤ ᠪᠠᠷ  
 ᠰᠢᠢᠳᠬᠦ ᠨᠢ ᠰᠢᠢᠳᠦᠭᠰᠡᠨ ᠭᠡᠨ᠎ᠡ  
 ᠲᠡᠭᠡᠭᠡᠳ ᠪᠢ ᠡᠨᠡ ᠳᠡᠭᠦᠦ ᠬᠥᠪᠡᠭᠦᠨ ᠢ᠋ 
 ᠳᠠᠭᠠᠭᠤᠯᠤᠭᠠᠳ ᠢᠷᠡᠵᠦ ᠪᠠᠢᠨ᠎ᠠ 》 ᠭᠡᠵᠦ  
 ᠮᠠᠳ ᠤᠯᠠᠭᠠᠨ ᠬᠥᠪᠡᠭᠦᠨ ᠬᠡᠯᠡᠪᠡ ᠭᠡᠨ᠎ᠡ ᠃  
 《 ᠠ ᠂ ᠲᠡᠷᠡ ᠪᠠᠭ᠎ᠠ ᠵᠠᠯᠠᠭᠤ ᠴᠠᠭ ᠲᠤ᠌  
 ᠪᠠᠷᠠᠭᠤᠨ ᠬᠣᠢᠲᠤ ᠵᠦᠭ ᠦ᠋ᠨ  
 ᠪᠠᠶᠠᠨ ᠬᠦᠳᠡᠷ ᠠᠯᠲᠠᠢ ᠬᠠᠭᠠᠨ ᠮᠠᠨ᠎ᠠ ᠬᠣᠶᠠᠷ 
 ᠬᠦᠦᠨᠢᠯᠳᠦᠵᠦ ( ᠶᠠᠷᠢᠯᠴᠠᠵᠤ )  ᠪᠠᠢᠭᠰᠠᠨ ᠴᠤ᠌ ᠦᠨᠡᠨ ᠪᠢᠯᠡ ! 
 ᠥᠭᠬᠦ ᠠᠪᠬᠤ ᠭᠡᠵᠦ ᠪᠠᠢᠭᠰᠠᠨ ᠴᠤ᠌ ᠦᠨᠡᠨ ᠪᠢᠯᠡ 
 ᠡᠦᠲᠦ ᠪᠣᠯᠬᠤᠯ᠎ᠠ ᠨᠢ ᠲᠡᠭᠷᠢ ᠶ᠋ᠢᠨ ᠬᠦᠯᠦᠭ ᠬᠥᠬᠡ ᠪᠠᠭᠠᠲᠤᠷ 
 ᠮᠢᠨᠦ ᠪᠠᠭ᠎ᠠ ( ᠥᠬᠢᠨ ) ᠢ᠋ 
 ᠵᠠᠯᠠᠵᠢᠨ( ᠵᠠᠯᠠᠵᠤ ) ᠠᠪᠤᠨ᠎ᠠ ᠭᠡᠵᠦ ᠢᠷᠡᠵᠦ  
 ᠭᠤᠷᠪᠠ ᠬᠣᠨᠣᠵᠢᠨ ( ᠬᠣᠨᠣᠵᠤ ) ᠪᠠᠢᠨ᠎ᠠ  
 ᠡᠨᠡ ᠪᠣᠯᠬᠤᠯ᠎ᠠ ᠨᠢ 
 ᠨᠠᠳᠠ ᠭᠠᠭᠴᠠ ᠪᠠᠭ᠎ᠠ (ᠥᠬᠢᠨ ) ᠪᠠᠢᠳᠠᠭ ᠪᠢᠯᠡ 
 ᠭᠤᠷᠪᠠᠨ ᠶᠡᠬᠡ ᠮᠥᠷᠥᠢ ( ᠮᠡᠯᠵᠢᠶ᠎ᠡ ) ᠪᠣᠢ 
 ᠲᠡᠭᠦᠨ ᠢ᠋ ᠠᠪᠤᠭᠰᠠᠨ ᠳ᠋ᠤ᠌ ᠨᠢ 
 ᠵᠠᠯᠠᠵᠢᠨ ( ᠵᠠᠯᠠᠵᠤ ) ᠥᠭᠭᠦᠨ᠎ᠡ 》 ᠭᠡᠵᠦ 
 ᠪᠠᠯᠮᠠᠭᠡᠷᠡᠯ ᠬᠠᠭᠠᠨ ᠠᠢᠯᠠᠳᠪᠠ ᠭᠡᠨ᠎ᠡ ᠃  
 《 ᠶᠠᠮᠠᠷ ᠮᠥᠷᠥᠢᠨ ᠪᠠᠢᠬᠤ ᠪᠣᠯᠪᠠᠤ ?》 ᠭᠡᠵᠦ ᠬᠡᠯᠡᠪᠡ ᠭᠡᠨ᠎ᠡ  
 《 ᠭᠤᠷᠪᠠᠨ ᠰᠠᠷ᠎ᠠ ᠶ᠋ᠢᠨ ᠭᠠᠵᠠᠷ ᠲᠤ᠌ ᠤᠷᠤᠯᠳᠤᠭᠠᠨ ᠳ᠋ᠤ᠌ ᠶᠠᠪᠤᠨ᠎ᠠ 》
 ᠭᠡᠵᠦ ᠬᠡᠯᠡᠪᠡ ᠭᠡᠨ᠎ᠡ᠃ 
 ᠲᠡᠭᠡᠬᠦ ᠳ᠋ᠦ᠍ ᠭᠤᠷᠪᠠᠨ ᠰᠠᠷ᠎ᠠ ᠶ᠋ᠢᠨ ᠭᠠᠵᠠᠷ ᠲᠤ᠌ 
 ᠤᠷᠤᠯᠳᠤᠭᠠᠨ ᠳ᠋ᠤ᠌ ᠶᠠᠪᠤᠪᠠ ᠭᠡᠨ᠎ᠡ  
 ᠬᠠᠨ ᠴᠡᠩᠭᠡᠯ ᠬᠥᠪᠡᠭᠦᠨ 
 ᠮᠠᠳ ᠤᠯᠠᠭᠠᠨ ᠬᠥᠪᠡᠭᠦᠨ ᠬᠣᠶᠠᠷ 
 ᠲᠦᠷᠦᠭᠦᠨ ( ᠲᠡᠷᠢᠭᠦᠨ ᠳ᠋ᠦ᠍ᠨᠢ ) ᠢᠷᠡᠵᠦ 
 ᠲᠡᠭᠷᠢ ᠶ᠋ᠢᠨ ᠬᠦᠯᠦᠭ ᠬᠥᠬᠡ ᠪᠠᠭᠠᠲᠤᠷ ᠢ᠋ 
 ᠨᠢᠭᠡ ᠰᠠᠷ᠎ᠠ ᠬᠦᠯᠢᠶᠡᠪᠡ ᠭᠡᠨ᠎ᠡ ᠃  
 ᠲᠡᠭᠡᠬᠦ ᠳ᠋ᠦ᠍ ᠲᠡᠭᠷᠢ ᠶ᠋ᠢᠨ ᠬᠦᠯᠦᠭ ᠬᠥᠬᠡ ᠪᠠᠭᠠᠲᠤᠷ ᠢ 
 ᠨᠢᠭᠡ ᠰᠠᠷ᠎ᠠ ᠬᠦᠯᠢᠶᠡᠬᠦ ᠳ᠋ᠦ᠍
 ᠨᠢᠭᠡᠨ ᠡᠳᠦᠷ 
 ᠬᠠᠷ᠎ᠠ ᠮᠣᠷᠢᠨ ᠤ᠋ ᠪᠠᠨ 
 ᠴᠢᠰᠤ ᠰᠡᠪᠡᠰᠦᠨ ( ᠰᠡᠪᠡᠰᠦ ) ᠶ᠋ᠢ ᠨᠢ  ᠭᠣᠭᠣᠵᠢᠭᠤᠯᠤᠭᠰᠠᠨ 
 ᠴᠣᠬᠢᠭᠰᠠᠨ ᠰᠠᠪᠠᠭᠰᠠᠨ( ᠵᠠᠨᠴᠢᠭᠰᠠᠨ )  ᠬᠦᠷᠦᠭᠡᠳ ᠢᠷᠡᠪᠡ ᠭᠡᠨ᠎ᠡ  
 ᠨᠢᠭᠡ ᠮᠥᠷᠥᠢ ( ᠮᠥᠯᠵᠢᠶ᠎ᠡ ) ᠪᠡᠨ ᠠᠪᠤᠪᠠ ᠭᠡᠨ᠎ᠡ ᠃  
 《 ᠡᠦᠲᠦ ᠶᠠᠮᠠᠷ ᠮᠥᠷᠥᠢᠨ ᠪᠠᠢᠬᠤ ᠪᠣᠯᠪᠠᠤ ?》 
 ᠭᠡᠵᠦ ᠬᠡᠯᠡᠪᠡ ᠭᠡᠨ᠎ᠡ ᠃  
 《 ᠡᠦᠲᠦ ᠪᠣᠯᠬᠤᠯ᠎ᠠ ᠨᠢ  
 ᠭᠤᠷᠪᠠᠨ ᠲᠦᠮᠡᠨ ᠠᠯᠲᠠ ᠭᠠᠵᠠᠷ ᠲᠤ᠌  
 ᠭᠤᠨᠠᠨ ᠨᠠᠰᠤᠲᠠᠢ ᠬᠡᠦᠬᠡᠦᠰ ( ᠬᠡᠦᠬᠡᠳ ) ᠦ᠋ᠨ ᠵᠤᠯᠠᠢ ᠳᠡᠭᠡᠷ᠎ᠡ 
 ᠳᠡᠷᠡᠰᠦᠨ ᠲᠣᠯᠣᠭᠠᠢ ᠳ᠋ᠤ᠌ 
 ᠢᠮᠠᠭᠠᠨ ᠤ᠋ ᠬᠣᠷᠭᠣᠰᠤ ( ᠬᠣᠷᠭᠣᠯ ) ᠬᠠᠳᠬᠤᠵᠢᠨ( ᠬᠠᠳᠬᠤᠵᠤ ) ᠣᠷᠬᠢᠬᠤ 
 ᠲᠡᠭᠦᠨ ᠢ᠋ ᠭᠠᠭᠴᠠ ᠭᠠᠭᠴᠠ ᠬᠠᠷᠪᠤᠨ᠎ᠠ !》 ᠭᠡᠵᠦ ᠬᠡᠯᠡᠪᠡ ᠭᠡᠨ᠎ᠡ᠃ 
 ᠲᠡᠭᠡᠬᠦ ᠳ᠋ᠦ᠍ ᠮᠠᠳ ᠤᠯᠠᠭᠠᠨ ᠬᠥᠪᠡᠭᠦᠨ 
 ᠲᠡᠭᠷᠢ ᠶ᠋ᠢᠨ ᠬᠦᠯᠦᠭ ᠬᠥᠬᠡ ᠪᠠᠭᠠᠲᠤᠷ ᠠ᠋ᠴᠠ ᠰᠤᠷᠠᠪᠠ ᠭᠡᠨ᠎ᠡ ᠃ 
 《 ᠲᠦᠷᠦᠭᠦᠨ ᠢᠷᠡᠭᠰᠡᠨ ᠴᠢ ᠲᠥᠷᠥᠭᠦᠯᠬᠦ ᠤᠤ ? 
 ᠰᠡᠭᠦᠯ ᠳ᠋ᠦ᠍ ᠨᠢ ᠢᠷᠡᠭᠰᠡᠨ ᠮᠠᠨ᠎ᠠ ᠬᠣᠶᠠᠷ ᠲᠥᠷᠥᠭᠦᠯᠬᠦ ᠤᠤ? 》 
 ᠭᠡᠵᠦ ᠬᠡᠯᠡᠪᠡ ᠭᠡᠨ᠎ᠡ ᠃  
 《 ᠲᠦᠷᠦᠭᠦᠨ ᠢᠷᠡᠭᠰᠡᠨ ᠪᠢ ᠲᠦᠷᠦᠭᠦᠯᠡᠨ᠎ᠡ !》 
 ᠭᠡᠵᠦ ᠬᠡᠯᠡᠪᠡ ᠭᠡᠨ᠎ᠡ  
 ᠲᠡᠭᠷᠢ ᠶ᠋ᠢᠨ ᠬᠦᠯᠦᠭ ᠬᠥᠬᠡ ᠪᠠᠭᠠᠲᠤᠷ 
 ᠨᠢᠭᠡ ᠬᠠᠷᠪᠤᠭᠠᠳ ᠣᠷᠬᠢᠪᠠ ᠭᠡᠨ᠎ᠡ 
 ᠬᠠᠮᠢᠭ᠎ᠠ ᠶᠠᠪᠤᠭᠰᠠᠨ? ᠦᠭᠡᠢ ᠪᠣᠯᠪᠠ ᠭᠡᠨ᠎ᠡ᠃  
 ᠲᠡᠭᠡᠬᠦ ᠳ᠋ᠦ᠍ ᠬᠠᠨ ᠴᠡᠩᠭᠡᠯ ᠬᠥᠪᠡᠭᠦᠨ  
 《ᠠᠬ᠎ᠠ ᠮᠢᠨᠢ ᠂ ᠠᠬ᠎ᠠ ᠮᠢᠨᠢ  
 ᠪᠢ ᠬᠠᠷᠪᠤᠭᠠᠳ ᠣᠷᠭᠢᠶᠤ ? 》 ᠭᠡᠵᠦ ᠬᠡᠯᠡᠪᠡ ᠭᠡᠨ᠎ᠡ ᠃  
 《 ᠬᠡᠷᠡᠭ ᠦᠭᠡᠢ ᠵᠦ ( ᠰᠢᠦ ) ᠳᠡᠭᠦᠦ ᠮᠢᠨᠢ 
 ᠡᠨᠡ ᠴᠢᠨᠢ ᠪᠣᠯᠬᠤᠯ᠎ᠠ ᠨᠢ  
 ᠠᠲᠠᠭ᠎ᠠ ᠮᠠᠷᠭᠤᠭᠠᠨ ᠭᠡᠭᠴᠢ ᠪᠠᠢᠨ᠎ᠠ  
 ᠠᠬ᠎ᠠ ᠴᠢᠨᠢ ᠲᠦᠷᠦᠭᠦᠯᠡᠨ ᠬᠠᠷᠪᠤᠶ᠎ᠠ ! 》 ᠭᠡᠵᠦ ᠬᠡᠯᠡᠪᠡ ᠭᠡᠨ᠎ᠡ᠃  
 ᠮᠠᠳ ᠤᠯᠠᠭᠠᠨ ᠬᠥᠪᠡᠭᠦᠨ ᠬᠠᠷᠪᠤᠭᠠᠳ ᠣᠷᠬᠢᠪᠠ ᠭᠡᠨ᠎ᠡ 
 ᠬᠣᠷᠭᠣᠰᠤ ( ᠬᠣᠷᠭᠣᠯ ) ᠢ᠋ ᠨᠢ 
 ᠬᠡᠢᠰᠬᠡᠭᠡᠳ ᠣᠷᠬᠢᠪᠠ ᠭᠡᠨ᠎ᠡ 
 ᠠᠷᠤ ᠳ᠋ᠤ᠌ ᠨᠢ ᠬᠠᠨ ᠴᠡᠩᠭᠡᠯ ᠬᠥᠪᠡᠭᠦᠨ 
 ᠬᠠᠷᠪᠤᠭᠠᠳ ᠣᠷᠬᠢᠪᠠ ᠭᠡᠨ᠎ᠡ 
 ᠬᠣᠷᠭᠣᠰᠤ ( ᠬᠣᠷᠭᠣᠯ ) ᠢ᠋ ᠨᠢ 
 ᠬᠡᠢᠰᠬᠡᠭᠡᠳ ᠣᠷᠬᠢᠪᠠ ᠭᠡᠨ᠎ᠡ  
 ᠬᠣᠶᠠᠷ ᠮᠥᠷᠥᠢ ( ᠮᠠᠯᠵᠢᠶ᠎ᠠ ) ᠪᠠᠨ ᠠᠪᠤᠪᠠ ᠭᠡᠨ᠎ᠡ ᠃  
 《 ᠡᠦᠲᠦ ᠶᠠᠮᠠᠷ ᠮᠥᠷᠥᠢᠨ ᠪᠠᠢᠬᠤ ᠪᠣᠯᠪᠠᠤ? 》 ᠭᠡᠵᠦ  
 ᠪᠠᠯᠮᠠᠭᠡᠷᠡᠯ ᠬᠠᠭᠠᠨ ᠳ᠋ᠤ᠌ ᠮᠡᠳᠡᠭᠦᠯᠪᠡ ᠭᠡᠨ᠎ᠡ   
 《 ᠣᠳᠣ ᠪᠣᠯᠬᠤᠯ᠎ᠠ ᠨᠢ  
 ᠳᠠᠩ ᠤ᠋ᠨ ᠴᠠᠭᠠᠨ ᠬᠥᠳᠡᠭᠡ ᠳ᠋ᠦ᠍ ᠬᠦᠷᠴᠦ ᠪᠥᠬᠡ ᠪᠠᠷᠢᠯᠳᠤᠨ᠎ᠠ 》 
 ᠭᠡᠵᠦ ᠬᠡᠯᠡᠪᠡ ᠭᠡᠨ᠎ᠡ ᠃  
 ᠲᠡᠭᠡᠬᠦ ᠳ᠋ᠦ᠍ ᠬᠠᠨ ᠴᠡᠩᠭᠡᠯ ᠬᠥᠪᠡᠭᠦᠨ ᠬᠡᠯᠡᠪᠡ ᠭᠡᠨ᠎ᠡ  
 《 ᠠᠬ᠎ᠠ ᠮᠢᠨᠢ ᠂ ᠠᠬ᠎ᠠ ᠮᠢᠨᠢ  
 ᠪᠢ ᠲᠦᠷᠦᠭᠦᠯᠡᠨ ᠪᠠᠷᠢᠯᠳᠤᠭᠠᠳ ᠣᠷᠭᠢᠶᠤ ? 
 ᠠᠪᠤᠯᠳᠤᠬᠤ ( ᠪᠥᠬᠡ ᠪᠠᠷᠢᠯᠳᠤᠬᠤ ) ᠳ᠋ᠤ᠌  
 ᠪᠢ ᠰᠠᠢᠨ ᠪᠠᠢᠳᠠᠭ ᠪᠢᠯᠡ! 》 ᠭᠡᠵᠦ ᠬᠡᠯᠡᠪᠡ ᠭᠡᠨ᠎ᠡ᠃ 
 ᠲᠡᠭᠡᠬᠦ ᠳ᠋ᠦ᠍ ᠮᠠᠳ ᠤᠯᠠᠭᠠᠨ ᠬᠥᠪᠡᠭᠦᠨ ᠬᠡᠯᠡᠪᠡ ᠭᠡᠨ᠎ᠡ  
 《 ᠬᠡᠷᠡᠭ ᠦᠭᠡᠢ ᠵᠦ ( ᠰᠢᠦ ) 
 ᠠᠬ᠎ᠠ ᠴᠢᠨᠢ ᠲᠦᠷᠦᠭᠦᠯᠡᠨ ᠪᠠᠷᠢᠯᠳᠤᠶ᠎ᠠ  
 ᠡᠨᠡ ᠴᠢᠨᠢ ᠪᠣᠯᠬᠤᠯ᠎ᠠ ᠨᠢ  
 ᠠᠲᠠᠭ᠎ᠠ ᠮᠠᠷᠭᠤᠭᠠᠨ ᠭᠡᠭᠴᠢ ᠪᠠᠢᠨ᠎ᠠ !》 
 ᠭᠡᠵᠦ ᠬᠡᠯᠡᠪᠡ ᠭᠡᠨ᠎ᠡ ᠃  
 ᠮᠠᠳ ᠤᠯᠠᠭᠠᠨ ᠬᠥᠪᠡᠭᠦᠨ 
 ᠪᠠᠷᠢᠯᠳᠤᠭᠠᠳ ᠣᠷᠬᠢᠪᠠ ᠭᠡᠨ᠎ᠡ  
 ᠡᠷᠭᠢᠭᠦᠯᠵᠢᠨ ᠡᠷᠭᠢᠭᠦᠯᠵᠢᠨ ( ᠡᠷᠭᠢᠭᠦᠯᠵᠦ ) ᠢᠷᠡᠭᠡᠳ  
 ᠲᠡᠭᠷᠢ ᠶ᠋ᠢᠨ ᠬᠦᠯᠦᠭ ᠬᠥᠬᠡ ᠪᠠᠭᠠᠲᠤᠷ ᠢ  
 ᠱᠠᠭ᠎ᠠ ᠴᠢᠮᠥᠭᠡ ᠶ᠋ᠢ ᠨᠢ ᠪᠣᠯᠭᠣ ᠬᠠᠶᠠᠭᠠᠳ  
 ᠣᠷᠬᠢᠪᠠ ᠭᠡᠨ᠎ᠡ  
 ᠠᠷᠤ ᠳ᠋ᠤ᠌ ᠨᠢ ᠬᠠᠨ ᠴᠡᠩᠭᠡᠯ ᠬᠥᠪᠡᠭᠦᠨ  
 ᠪᠠᠷᠢᠯᠳᠤᠭᠠᠳ ᠣᠷᠬᠢᠪᠠ ᠭᠡᠨ᠎ᠡ  
 ᠡᠷᠭᠢᠭᠦᠯᠵᠢᠨ ᠡᠷᠭᠢᠭᠦᠯᠵᠢᠨ( ᠡᠷᠭᠢᠭᠦᠯᠵᠦ ) ᠢᠷᠡᠭᠡᠳ  
 ᠳᠤᠮᠳᠠ ᠴᠢᠮᠥᠭᠡ ᠶ᠋ᠢ ᠨᠢ ᠬᠤᠭᠤ ᠬᠠᠶᠠᠭᠠᠳ 
 ᠣᠷᠬᠢᠪᠠ ᠭᠡᠨ᠎ᠡ᠃  
 ᠭᠤᠷᠪᠠᠨ ᠮᠥᠷᠥᠢ ᠪᠡᠨ ᠠᠪᠤᠪᠠ ᠭᠡᠨ᠎ᠡ ᠃ 
 ᠠᠷᠪᠠᠨ ᠬᠣᠨᠣᠭ ᠠᠷᠠᠵᠠ ᠪᠠᠷ ᠨᠠᠢᠷᠯᠠᠵᠤ  
 ᠬᠣᠷᠢᠨ ᠬᠣᠨᠣᠭ ᠬᠣᠣᠷᠠᠵᠠ ᠪᠠᠷ ᠨᠠᠢᠷᠯᠠᠵᠤ  
 ᠨᠠᠷᠠᠨᠽᠠᠨᠳᠠᠨ ᠠᠪᠠᠬᠠᠢ ᠶ᠋ᠢ ᠵᠠᠯᠠᠵᠢᠨ( ᠵᠠᠯᠠᠵᠤ ) ᠠᠪᠤᠪᠠ ᠭᠡᠨ᠎ᠡ ᠃ 
  
 ᠲᠡᠭᠡᠬᠦ ᠳ᠋ᠦ᠍ ᠪᠠᠯᠮᠠᠭᠡᠷᠡᠯ ᠬᠠᠭᠠᠨ ᠬᠡᠯᠡᠪᠡ ᠭᠡᠨ᠎ᠡ  
  《 ᠠ ᠮᠤᠬᠤᠯᠠᠢ ᠴᠢ ᠨᠢᠭᠡ ᠭᠠᠷᠤᠭᠠᠳ  
 ᠬᠠᠯᠢᠶᠠᠵᠢᠨ ᠣᠷᠭᠢ ( ᠦᠵᠡᠭᠡᠳ ᠢᠷ᠎ᠡ ) ᠴᠢ ᠂  
 ᠡᠨᠡ ᠭᠠᠵᠠᠭ᠎ᠠ ( ᠭᠠᠳᠠᠨ᠎ᠠ ) ᠨᠢᠭᠡ ᠶ᠋ᠢᠨ ( ᠨᠢᠭᠡ ᠶᠠᠭᠤᠮ᠎ᠠ ) 
 ᠰᠡᠷ ᠰᠤᠷ ᠭᠡᠮᠡᠷ ᠪᠣᠯᠳᠠᠭ ᠶᠠᠭᠤ ᠪᠠᠢᠨ᠎ᠠ?》 
 ᠭᠡᠵᠦ ᠬᠡᠯᠡᠪᠡ ᠭᠡᠨ᠎ᠡ᠃ 
 ᠭᠠᠷᠤᠭᠠᠳ ᠬᠠᠯᠢᠶᠠᠪᠠ ( ᠬᠠᠷᠠᠪᠠ ) ᠭᠡᠨ᠎ᠡ  
 《 ᠨᠢᠭᠤᠷ ᠲᠤ᠌ ᠪᠠᠨ ᠭᠠᠯ ᠲᠠᠢ 
 ᠨᠢᠳᠦᠨ ᠳ᠋ᠦ᠍ ᠪᠡᠨ ᠴᠣᠭ ᠲᠠᠢ ᠬᠣᠶᠠᠷ ᠬᠥᠪᠡᠭᠦᠨ 
 ᠵᠠᠯᠠᠭᠤ ᠽᠠᠨᠳᠠᠨ ᠠ᠋ᠴᠠ 
 ᠮᠣᠷᠢ ᠪᠠᠨ ᠤᠶᠠᠵᠢᠨ( ᠤᠶᠠᠵᠤ ) ᠪᠠᠢᠨ᠎ᠠ 
 ᠬᠥᠭᠰᠢᠨ ᠽᠠᠨᠳᠠᠨ ᠳ᠋ᠤ᠌ ᠮᠣᠷᠢ ᠪᠠᠨ 
 ᠰᠡᠭᠦᠳᠡᠷᠯᠡᠭᠦᠯᠵᠢᠨ ᠪᠠᠢᠨ᠎ᠠ ! 》 ᠭᠡᠵᠦ ᠬᠡᠯᠡᠪᠡ ᠭᠡᠨ᠎ᠡ᠃  
 《 ᠦ ᠂ ᠲᠡᠭᠡᠭᠰᠡᠨ ᠬᠣᠢᠨ᠎ᠠ
 ᠳᠡᠭᠡᠳᠦ ᠲᠣᠲᠣᠭᠣ ᠳ᠋ᠤ᠌ 
 ᠠᠯᠲᠠᠨ ᠪᠠᠭᠠᠨ᠎ᠠ ᠬᠥᠰᠢᠭᠡᠳ ᠣᠷᠭᠢ ᠴᠢ !  
 ᠳᠣᠣᠷᠠᠲᠤ ᠡᠷᠭᠢᠨ ( ᠪᠣᠱᠣᠭ᠎ᠠ ) ᠳ᠋ᠤ᠌  
 ᠮᠥᠩᠭᠥᠨ ᠪᠠᠭᠠᠨ᠎ᠠ ᠬᠥᠰᠢᠭᠡᠳ ᠣᠷᠭᠢ ᠴᠢ !》 ᠭᠡᠵᠦ ᠬᠡᠯᠡᠭᠡᠳ 
 ᠪᠠᠯᠮᠠᠭᠡᠷᠡᠯ ᠬᠠᠭᠠᠨ ᠪᠠᠷᠠᠭᠤᠨ ᠡᠪᠦᠳᠦᠭ ᠢ᠋ᠶ᠋ᠡᠨ ᠲᠠᠰᠢᠵᠤ 
 ᠪᠠᠰ ᠪᠠᠰ ᠢᠨᠢᠶᠡᠵᠦ  
 ᠡᠮᠦᠷ᠎ᠡ ᠡᠮᠦᠷ᠎ᠡ ( ᠤᠷᠤᠭᠰᠢ ) ᠮᠣᠷᠢᠯᠠᠵᠢᠨ ( ᠰᠠᠭᠤᠵᠤ ) ᠪᠠᠢᠪᠠ ᠭᠡᠨ᠎ᠡ᠃ 
 ᠲᠡᠭᠡᠬᠦ ᠳ᠋ᠦ᠍ ᠬᠦᠷᠦᠭᠡᠳ ᠢᠷᠡᠪᠡ ᠭᠡᠨ᠎ᠡ  
 ᠳᠡᠭᠡᠳᠦ ᠲᠣᠲᠣᠭᠣ ᠳ᠋ᠤ᠌ ᠬᠥᠰᠢᠭᠰᠡᠨ ᠠᠯᠲᠠᠨ ᠪᠠᠭᠠᠨ᠎ᠠ ᠶ᠋ᠢ 
 ᠮᠠᠳ ᠤᠯᠠᠭᠠᠨ ᠬᠥᠪᠡᠭᠦᠨ 
 ᠳᠤᠭᠤᠯᠠᠭ᠎ᠠ ᠶ᠋ᠢᠨ ᠢ᠋ᠶ᠋ᠡᠨ ᠣᠷᠣᠢ ᠪᠠᠷ  
 ᠲᠠᠰᠤ ᠲᠠᠲᠠᠵᠢᠨ ( ᠲᠠᠲᠠᠵᠤ ) ᠣᠷᠬᠢᠭᠠᠳ ᠢᠷᠡᠪᠡ ᠭᠡᠨ᠎ᠡ  
 ᠳᠣᠣᠷᠠᠲᠤ ᠡᠷᠭᠢᠨ ᠳ᠋ᠦ᠍ ᠬᠥᠰᠢᠭᠰᠡᠨ ᠮᠥᠩᠭᠥᠨ ᠪᠠᠭᠠᠨ᠎ᠠ ᠶ᠋ᠢ 
 ᠬᠠᠨ ᠴᠡᠩᠭᠡᠯ ᠬᠥᠪᠡᠭᠦᠨ ᠬᠤᠭᠤ ᠭᠢᠰᠭᠢᠵᠢᠨ ( ᠭᠢᠰᠬᠢᠵᠦ ) ᠣᠷᠬᠢᠭᠠᠳ 
 ᠬᠦᠷᠦᠭᠡᠳ ᠢᠷᠡᠪᠡ ᠭᠡᠨ᠎ᠡ   
 ᠪᠠᠷᠠᠭᠤᠨ ᠬᠣᠢᠮᠣᠷ ᠨᠢ ᠢᠷᠡᠨ 
 ᠲᠠᠰᠤ ᠵᠠᠮᠢᠯᠠᠨ ( ᠵᠠᠪᠢᠯᠠᠨ ) ᠲᠠᠰᠤ ᠵᠠᠮᠢᠯᠠᠨ 
 ᠰᠠᠭᠤᠭᠠᠳ ᠣᠷᠬᠢᠪᠠ ᠭᠡᠨ᠎ᠡ ᠃ 
 《 ᠵᠠ ᠂ ᠲᠠᠨ᠎ᠠ ᠬᠣᠶᠠᠷ 
 ᠡᠢᠮᠦ ᠴᠣᠭ ᠲᠠᠢ ᠬᠣᠶᠠᠷ ᠬᠥᠪᠡᠭᠦᠨ  
 ᠨᠤᠲᠤᠭ ᠤᠰᠤᠨ ᠴᠢᠨᠢ ᠬᠠᠮᠢᠭ᠎ᠠ ᠪᠣᠢ ?  
 ᠡᠵᠢ ᠠᠪᠤ ᠴᠢᠨᠢ ᠬᠡᠨ ᠪᠣᠢ ?  
 ᠶᠠᠮᠠᠷ ᠬᠡᠷᠡᠭ ᠲᠡᠢ ᠬᠠᠮᠢᠭ᠎ᠠ ᠶᠠᠪᠤᠵᠢᠨ ( ᠶᠠᠪᠤᠵᠤ ) ᠪᠠᠢᠨ᠎ᠠ? 》
 ᠭᠡᠵᠦ ᠬᠡᠯᠡᠪᠡ ᠭᠡᠨ᠎ᠡ ᠃  
 ᠲᠡᠭᠡᠬᠦ ᠳ᠋ᠦ᠍ ᠮᠠᠳ ᠤᠯᠠᠭᠠᠨ ᠬᠥᠪᠡᠭᠦᠨ ᠬᠡᠯᠡᠪᠡ ᠭᠡᠨ᠎ᠡ  
 《 ᠠ ᠂ ᠮᠠᠨ᠎ᠠ ᠬᠣᠶᠠᠷ  
  ᠮᠥᠨ ᠠᠳᠠ ᠶᠠᠪᠤᠵᠢᠨ ( ᠶᠠᠪᠤᠵᠤ ) ᠪᠠᠢᠨ᠎ᠠ 
 ᠮᠠᠨ᠎ᠠ ᠬᠣᠶᠠᠷ ᠪᠣᠯᠬᠤᠯ᠎ᠠ ᠨᠢ 
 ᠪᠠᠷᠠᠭᠤᠨ ᠬᠣᠢᠲᠤ ᠵᠦᠭ ᠢ᠋  
 ᠪᠠᠷᠢᠨ ᠡᠵᠡᠯᠡᠨ ᠰᠠᠭᠤᠭᠰᠠᠨ  
 ᠪᠠᠶᠠᠨ ᠬᠦᠳᠡᠷ ᠠᠯᠲᠠᠢ ᠬᠠᠭᠠᠨ ᠤ᠋  
 ᠬᠣᠶᠠᠷ ᠲᠠᠢᠵᠢ ᠪᠠᠢᠨ᠎ᠠ 
 ᠮᠠᠨ᠎ᠠ ᠠᠪᠤ ᠲᠠ 
 ᠬᠣᠶᠠᠷ ᠪᠠᠲᠤᠲᠠᠢᠬᠠᠨ ᠭᠤᠷᠪᠠᠨ ᠦᠭᠡ  
 ᠬᠦᠦᠨᠢᠯᠳᠦᠬᠦ ( ᠶᠠᠷᠢᠯᠴᠠᠬᠤ ) ᠨᠢ ᠬᠦᠦᠨᠢᠯᠳᠦᠭᠰᠡᠨ ᠭᠡᠨ᠎ᠡ 
 ᠨᠠᠷᠠᠨᠽᠠᠠᠳᠠᠨ ᠠᠪᠠᠬᠠᠢ ᠶ᠋ᠢ ᠵᠠᠯᠠᠬᠤ ᠪᠠᠷ  
 ᠰᠢᠢᠳᠬᠦ ᠨᠢ ᠰᠢᠢᠳᠦᠭᠰᠡᠨ ᠭᠡᠨ᠎ᠡ  
 ᠲᠡᠭᠡᠭᠡᠳ ᠪᠢ ᠡᠨᠡ ᠳᠡᠭᠦᠦ ᠬᠥᠪᠡᠭᠦᠨ ᠢ᠋ 
 ᠳᠠᠭᠠᠭᠤᠯᠤᠭᠠᠳ ᠢᠷᠡᠵᠦ ᠪᠠᠢᠨ᠎ᠠ 》 ᠭᠡᠵᠦ  
 ᠮᠠᠳ ᠤᠯᠠᠭᠠᠨ ᠬᠥᠪᠡᠭᠦᠨ ᠬᠡᠯᠡᠪᠡ ᠭᠡᠨ᠎ᠡ ᠃  
 《 ᠠ ᠂ ᠲᠡᠷᠡ ᠪᠠᠭ᠎ᠠ ᠵᠠᠯᠠᠭᠤ ᠴᠠᠭ ᠲᠤ᠌  
 ᠪᠠᠷᠠᠭᠤᠨ ᠬᠣᠢᠲᠤ ᠵᠦᠭ ᠦ᠋ᠨ  
 ᠪᠠᠶᠠᠨ ᠬᠦᠳᠡᠷ ᠠᠯᠲᠠᠢ ᠬᠠᠭᠠᠨ ᠮᠠᠨ᠎ᠠ ᠬᠣᠶᠠᠷ 
 ᠬᠦᠦᠨᠢᠯᠳᠦᠵᠦ ( ᠶᠠᠷᠢᠯᠴᠠᠵᠤ )  ᠪᠠᠢᠭᠰᠠᠨ ᠴᠤ᠌ ᠦᠨᠡᠨ ᠪᠢᠯᠡ ! 
 ᠥᠭᠬᠦ ᠠᠪᠬᠤ ᠭᠡᠵᠦ ᠪᠠᠢᠭᠰᠠᠨ ᠴᠤ᠌ ᠦᠨᠡᠨ ᠪᠢᠯᠡ 
 ᠡᠦᠲᠦ ᠪᠣᠯᠬᠤᠯ᠎ᠠ ᠨᠢ ᠲᠡᠭᠷᠢ ᠶ᠋ᠢᠨ ᠬᠦᠯᠦᠭ ᠬᠥᠬᠡ ᠪᠠᠭᠠᠲᠤᠷ 
 ᠮᠢᠨᠦ ᠪᠠᠭ᠎ᠠ ( ᠥᠬᠢᠨ ) ᠢ᠋ 
 ᠵᠠᠯᠠᠵᠢᠨ( ᠵᠠᠯᠠᠵᠤ ) ᠠᠪᠤᠨ᠎ᠠ ᠭᠡᠵᠦ ᠢᠷᠡᠵᠦ  
 ᠭᠤᠷᠪᠠ ᠬᠣᠨᠣᠵᠢᠨ ( ᠬᠣᠨᠣᠵᠤ ) ᠪᠠᠢᠨ᠎ᠠ  
 ᠡᠨᠡ ᠪᠣᠯᠬᠤᠯ᠎ᠠ ᠨᠢ 
 ᠨᠠᠳᠠ ᠭᠠᠭᠴᠠ ᠪᠠᠭ᠎ᠠ (ᠥᠬᠢᠨ ) ᠪᠠᠢᠳᠠᠭ ᠪᠢᠯᠡ 
 ᠭᠤᠷᠪᠠᠨ ᠶᠡᠬᠡ ᠮᠥᠷᠥᠢ ( ᠮᠡᠯᠵᠢᠶ᠎ᠡ ) ᠪᠣᠢ 
 ᠲᠡᠭᠦᠨ ᠢ᠋ ᠠᠪᠤᠭᠰᠠᠨ ᠳ᠋ᠤ᠌ ᠨᠢ 
 ᠵᠠᠯᠠᠵᠢᠨ ( ᠵᠠᠯᠠᠵᠤ ) ᠥᠭᠭᠦᠨ᠎ᠡ 》 ᠭᠡᠵᠦ 
 ᠪᠠᠯᠮᠠᠭᠡᠷᠡᠯ ᠬᠠᠭᠠᠨ ᠠᠢᠯᠠᠳᠪᠠ ᠭᠡᠨ᠎ᠡ ᠃  
 《 ᠶᠠᠮᠠᠷ ᠮᠥᠷᠥᠢᠨ ᠪᠠᠢᠬᠤ ᠪᠣᠯᠪᠠᠤ ?》 ᠭᠡᠵᠦ ᠬᠡᠯᠡᠪᠡ ᠭᠡᠨ᠎ᠡ  
 《 ᠭᠤᠷᠪᠠᠨ ᠰᠠᠷ᠎ᠠ ᠶ᠋ᠢᠨ ᠭᠠᠵᠠᠷ ᠲᠤ᠌ ᠤᠷᠤᠯᠳᠤᠭᠠᠨ ᠳ᠋ᠤ᠌ ᠶᠠᠪᠤᠨ᠎ᠠ 》
 ᠭᠡᠵᠦ ᠬᠡᠯᠡᠪᠡ ᠭᠡᠨ᠎ᠡ᠃ 
 ᠲᠡᠭᠡᠬᠦ ᠳ᠋ᠦ᠍ ᠭᠤᠷᠪᠠᠨ ᠰᠠᠷ᠎ᠠ ᠶ᠋ᠢᠨ ᠭᠠᠵᠠᠷ ᠲᠤ᠌ 
 ᠤᠷᠤᠯᠳᠤᠭᠠᠨ ᠳ᠋ᠤ᠌ ᠶᠠᠪᠤᠪᠠ ᠭᠡᠨ᠎ᠡ  
 ᠬᠠᠨ ᠴᠡᠩᠭᠡᠯ ᠬᠥᠪᠡᠭᠦᠨ 
 ᠮᠠᠳ ᠤᠯᠠᠭᠠᠨ ᠬᠥᠪᠡᠭᠦᠨ ᠬᠣᠶᠠᠷ 
 ᠲᠦᠷᠦᠭᠦᠨ ( ᠲᠡᠷᠢᠭᠦᠨ ᠳ᠋ᠦ᠍ᠨᠢ ) ᠢᠷᠡᠵᠦ 
 ᠲᠡᠭᠷᠢ ᠶ᠋ᠢᠨ ᠬᠦᠯᠦᠭ ᠬᠥᠬᠡ ᠪᠠᠭᠠᠲᠤᠷ ᠢ᠋ 
 ᠨᠢᠭᠡ ᠰᠠᠷ᠎ᠠ ᠬᠦᠯᠢᠶᠡᠪᠡ ᠭᠡᠨ᠎ᠡ ᠃  
 ᠲᠡᠭᠡᠬᠦ ᠳ᠋ᠦ᠍ ᠲᠡᠭᠷᠢ ᠶ᠋ᠢᠨ ᠬᠦᠯᠦᠭ ᠬᠥᠬᠡ ᠪᠠᠭᠠᠲᠤᠷ ᠢ 
 ᠨᠢᠭᠡ ᠰᠠᠷ᠎ᠠ ᠬᠦᠯᠢᠶᠡᠬᠦ ᠳ᠋ᠦ᠍
 ᠨᠢᠭᠡᠨ ᠡᠳᠦᠷ 
 ᠬᠠᠷ᠎ᠠ ᠮᠣᠷᠢᠨ ᠤ᠋ ᠪᠠᠨ 
 ᠴᠢᠰᠤ ᠰᠡᠪᠡᠰᠦᠨ ( ᠰᠡᠪᠡᠰᠦ ) ᠶ᠋ᠢ ᠨᠢ  ᠭᠣᠭᠣᠵᠢᠭᠤᠯᠤᠭᠰᠠᠨ 
 ᠴᠣᠬᠢᠭᠰᠠᠨ ᠰᠠᠪᠠᠭᠰᠠᠨ( ᠵᠠᠨᠴᠢᠭᠰᠠᠨ )  ᠬᠦᠷᠦᠭᠡᠳ ᠢᠷᠡᠪᠡ ᠭᠡᠨ᠎ᠡ  
 ᠨᠢᠭᠡ ᠮᠥᠷᠥᠢ ( ᠮᠥᠯᠵᠢᠶ᠎ᠡ ) ᠪᠡᠨ ᠠᠪᠤᠪᠠ ᠭᠡᠨ᠎ᠡ ᠃  
 《 ᠡᠦᠲᠦ ᠶᠠᠮᠠᠷ ᠮᠥᠷᠥᠢᠨ ᠪᠠᠢᠬᠤ ᠪᠣᠯᠪᠠᠤ ?》 
 ᠭᠡᠵᠦ ᠬᠡᠯᠡᠪᠡ ᠭᠡᠨ᠎ᠡ ᠃  
 《 ᠡᠦᠲᠦ ᠪᠣᠯᠬᠤᠯ᠎ᠠ ᠨᠢ  
 ᠭᠤᠷᠪᠠᠨ ᠲᠦᠮᠡᠨ ᠠᠯᠲᠠ ᠭᠠᠵᠠᠷ ᠲᠤ᠌  
 ᠭᠤᠨᠠᠨ ᠨᠠᠰᠤᠲᠠᠢ ᠬᠡᠦᠬᠡᠦᠰ ( ᠬᠡᠦᠬᠡᠳ ) ᠦ᠋ᠨ ᠵᠤᠯᠠᠢ ᠳᠡᠭᠡᠷ᠎ᠡ 
 ᠳᠡᠷᠡᠰᠦᠨ ᠲᠣᠯᠣᠭᠠᠢ ᠳ᠋ᠤ᠌ 
 ᠢᠮᠠᠭᠠᠨ ᠤ᠋ ᠬᠣᠷᠭᠣᠰᠤ ( ᠬᠣᠷᠭᠣᠯ ) ᠬᠠᠳᠬᠤᠵᠢᠨ( ᠬᠠᠳᠬᠤᠵᠤ ) ᠣᠷᠬᠢᠬᠤ 
 ᠲᠡᠭᠦᠨ ᠢ᠋ ᠭᠠᠭᠴᠠ ᠭᠠᠭᠴᠠ ᠬᠠᠷᠪᠤᠨ᠎ᠠ !》 ᠭᠡᠵᠦ ᠬᠡᠯᠡᠪᠡ ᠭᠡᠨ᠎ᠡ᠃ 
 ᠲᠡᠭᠡᠬᠦ ᠳ᠋ᠦ᠍ ᠮᠠᠳ ᠤᠯᠠᠭᠠᠨ ᠬᠥᠪᠡᠭᠦᠨ 
 ᠲᠡᠭᠷᠢ ᠶ᠋ᠢᠨ ᠬᠦᠯᠦᠭ ᠬᠥᠬᠡ ᠪᠠᠭᠠᠲᠤᠷ ᠠ᠋ᠴᠠ ᠰᠤᠷᠠᠪᠠ ᠭᠡᠨ᠎ᠡ ᠃ 
 《 ᠲᠦᠷᠦᠭᠦᠨ ᠢᠷᠡᠭᠰᠡᠨ ᠴᠢ ᠲᠥᠷᠥᠭᠦᠯᠬᠦ ᠤᠤ ? 
 ᠰᠡᠭᠦᠯ ᠳ᠋ᠦ᠍ ᠨᠢ ᠢᠷᠡᠭᠰᠡᠨ ᠮᠠᠨ᠎ᠠ ᠬᠣᠶᠠᠷ ᠲᠥᠷᠥᠭᠦᠯᠬᠦ ᠤᠤ? 》 
 ᠭᠡᠵᠦ ᠬᠡᠯᠡᠪᠡ ᠭᠡᠨ᠎ᠡ ᠃  
 《 ᠲᠦᠷᠦᠭᠦᠨ ᠢᠷᠡᠭᠰᠡᠨ ᠪᠢ ᠲᠦᠷᠦᠭᠦᠯᠡᠨ᠎ᠡ !》 
 ᠭᠡᠵᠦ ᠬᠡᠯᠡᠪᠡ ᠭᠡᠨ᠎ᠡ  
 ᠲᠡᠭᠷᠢ ᠶ᠋ᠢᠨ ᠬᠦᠯᠦᠭ ᠬᠥᠬᠡ ᠪᠠᠭᠠᠲᠤᠷ 
 ᠨᠢᠭᠡ ᠬᠠᠷᠪᠤᠭᠠᠳ ᠣᠷᠬᠢᠪᠠ ᠭᠡᠨ᠎ᠡ 
 ᠬᠠᠮᠢᠭ᠎ᠠ ᠶᠠᠪᠤᠭᠰᠠᠨ? ᠦᠭᠡᠢ ᠪᠣᠯᠪᠠ ᠭᠡᠨ᠎ᠡ᠃  
 ᠲᠡᠭᠡᠬᠦ ᠳ᠋ᠦ᠍ ᠬᠠᠨ ᠴᠡᠩᠭᠡᠯ ᠬᠥᠪᠡᠭᠦᠨ  
 《ᠠᠬ᠎ᠠ ᠮᠢᠨᠢ ᠂ ᠠᠬ᠎ᠠ ᠮᠢᠨᠢ  
 ᠪᠢ ᠬᠠᠷᠪᠤᠭᠠᠳ ᠣᠷᠭᠢᠶᠤ ? 》 ᠭᠡᠵᠦ ᠬᠡᠯᠡᠪᠡ ᠭᠡᠨ᠎ᠡ ᠃  
 《 ᠬᠡᠷᠡᠭ ᠦᠭᠡᠢ ᠵᠦ ( ᠰᠢᠦ ) ᠳᠡᠭᠦᠦ ᠮᠢᠨᠢ 
 ᠡᠨᠡ ᠴᠢᠨᠢ ᠪᠣᠯᠬᠤᠯ᠎ᠠ ᠨᠢ  
 ᠠᠲᠠᠭ᠎ᠠ ᠮᠠᠷᠭᠤᠭᠠᠨ ᠭᠡᠭᠴᠢ ᠪᠠᠢᠨ᠎ᠠ  
 ᠠᠬ᠎ᠠ ᠴᠢᠨᠢ ᠲᠦᠷᠦᠭᠦᠯᠡᠨ ᠬᠠᠷᠪᠤᠶ᠎ᠠ ! 》 ᠭᠡᠵᠦ ᠬᠡᠯᠡᠪᠡ ᠭᠡᠨ᠎ᠡ᠃  
 ᠮᠠᠳ ᠤᠯᠠᠭᠠᠨ ᠬᠥᠪᠡᠭᠦᠨ ᠬᠠᠷᠪᠤᠭᠠᠳ ᠣᠷᠬᠢᠪᠠ ᠭᠡᠨ᠎ᠡ 
 ᠬᠣᠷᠭᠣᠰᠤ ( ᠬᠣᠷᠭᠣᠯ ) ᠢ᠋ ᠨᠢ 
 ᠬᠡᠢᠰᠬᠡᠭᠡᠳ ᠣᠷᠬᠢᠪᠠ ᠭᠡᠨ᠎ᠡ 
 ᠠᠷᠤ ᠳ᠋ᠤ᠌ ᠨᠢ ᠬᠠᠨ ᠴᠡᠩᠭᠡᠯ ᠬᠥᠪᠡᠭᠦᠨ 
 ᠬᠠᠷᠪᠤᠭᠠᠳ ᠣᠷᠬᠢᠪᠠ ᠭᠡᠨ᠎ᠡ 
 ᠬᠣᠷᠭᠣᠰᠤ ( ᠬᠣᠷᠭᠣᠯ ) ᠢ᠋ ᠨᠢ 
 ᠬᠡᠢᠰᠬᠡᠭᠡᠳ ᠣᠷᠬᠢᠪᠠ ᠭᠡᠨ᠎ᠡ  
 ᠬᠣᠶᠠᠷ ᠮᠥᠷᠥᠢ ( ᠮᠠᠯᠵᠢᠶ᠎ᠠ ) ᠪᠠᠨ ᠠᠪᠤᠪᠠ ᠭᠡᠨ᠎ᠡ ᠃  
 《 ᠡᠦᠲᠦ ᠶᠠᠮᠠᠷ ᠮᠥᠷᠥᠢᠨ ᠪᠠᠢᠬᠤ ᠪᠣᠯᠪᠠᠤ? 》 ᠭᠡᠵᠦ  
 ᠪᠠᠯᠮᠠᠭᠡᠷᠡᠯ ᠬᠠᠭᠠᠨ ᠳ᠋ᠤ᠌ ᠮᠡᠳᠡᠭᠦᠯᠪᠡ ᠭᠡᠨ᠎ᠡ   
 《 ᠣᠳᠣ ᠪᠣᠯᠬᠤᠯ᠎ᠠ ᠨᠢ  
 ᠳᠠᠩ ᠤ᠋ᠨ ᠴᠠᠭᠠᠨ ᠬᠥᠳᠡᠭᠡ ᠳ᠋ᠦ᠍ ᠬᠦᠷᠴᠦ ᠪᠥᠬᠡ ᠪᠠᠷᠢᠯᠳᠤᠨ᠎ᠠ 》 
 ᠭᠡᠵᠦ ᠬᠡᠯᠡᠪᠡ ᠭᠡᠨ᠎ᠡ ᠃  
 ᠲᠡᠭᠡᠬᠦ ᠳ᠋ᠦ᠍ ᠬᠠᠨ ᠴᠡᠩᠭᠡᠯ ᠬᠥᠪᠡᠭᠦᠨ ᠬᠡᠯᠡᠪᠡ ᠭᠡᠨ᠎ᠡ  
 《 ᠠᠬ᠎ᠠ ᠮᠢᠨᠢ ᠂ ᠠᠬ᠎ᠠ ᠮᠢᠨᠢ  
 ᠪᠢ ᠲᠦᠷᠦᠭᠦᠯᠡᠨ ᠪᠠᠷᠢᠯᠳᠤᠭᠠᠳ ᠣᠷᠭᠢᠶᠤ ? 
 ᠠᠪᠤᠯᠳᠤᠬᠤ ( ᠪᠥᠬᠡ ᠪᠠᠷᠢᠯᠳᠤᠬᠤ ) ᠳ᠋ᠤ᠌  
 ᠪᠢ ᠰᠠᠢᠨ ᠪᠠᠢᠳᠠᠭ ᠪᠢᠯᠡ! 》 ᠭᠡᠵᠦ ᠬᠡᠯᠡᠪᠡ ᠭᠡᠨ᠎ᠡ᠃ 
 ᠲᠡᠭᠡᠬᠦ ᠳ᠋ᠦ᠍ ᠮᠠᠳ ᠤᠯᠠᠭᠠᠨ ᠬᠥᠪᠡᠭᠦᠨ ᠬᠡᠯᠡᠪᠡ ᠭᠡᠨ᠎ᠡ  
 《 ᠬᠡᠷᠡᠭ ᠦᠭᠡᠢ ᠵᠦ ( ᠰᠢᠦ ) 
 ᠠᠬ᠎ᠠ ᠴᠢᠨᠢ ᠲᠦᠷᠦᠭᠦᠯᠡᠨ ᠪᠠᠷᠢᠯᠳᠤᠶ᠎ᠠ  
 ᠡᠨᠡ ᠴᠢᠨᠢ ᠪᠣᠯᠬᠤᠯ᠎ᠠ ᠨᠢ  
 ᠠᠲᠠᠭ᠎ᠠ ᠮᠠᠷᠭᠤᠭᠠᠨ ᠭᠡᠭᠴᠢ ᠪᠠᠢᠨ᠎ᠠ !》 
 ᠭᠡᠵᠦ ᠬᠡᠯᠡᠪᠡ ᠭᠡᠨ᠎ᠡ ᠃  
 ᠮᠠᠳ ᠤᠯᠠᠭᠠᠨ ᠬᠥᠪᠡᠭᠦᠨ 
 ᠪᠠᠷᠢᠯᠳᠤᠭᠠᠳ ᠣᠷᠬᠢᠪᠠ ᠭᠡᠨ᠎ᠡ  
 ᠡᠷᠭᠢᠭᠦᠯᠵᠢᠨ ᠡᠷᠭᠢᠭᠦᠯᠵᠢᠨ ( ᠡᠷᠭᠢᠭᠦᠯᠵᠦ ) ᠢᠷᠡᠭᠡᠳ  
 ᠲᠡᠭᠷᠢ ᠶ᠋ᠢᠨ ᠬᠦᠯᠦᠭ ᠬᠥᠬᠡ ᠪᠠᠭᠠᠲᠤᠷ ᠢ  
 ᠱᠠᠭ᠎ᠠ ᠴᠢᠮᠥᠭᠡ ᠶ᠋ᠢ ᠨᠢ ᠪᠣᠯᠭᠣ ᠬᠠᠶᠠᠭᠠᠳ  
 ᠣᠷᠬᠢᠪᠠ ᠭᠡᠨ᠎ᠡ  
 ᠠᠷᠤ ᠳ᠋ᠤ᠌ ᠨᠢ ᠬᠠᠨ ᠴᠡᠩᠭᠡᠯ ᠬᠥᠪᠡᠭᠦᠨ  
 ᠪᠠᠷᠢᠯᠳᠤᠭᠠᠳ ᠣᠷᠬᠢᠪᠠ ᠭᠡᠨ᠎ᠡ  
 ᠡᠷᠭᠢᠭᠦᠯᠵᠢᠨ ᠡᠷᠭᠢᠭᠦᠯᠵᠢᠨ( ᠡᠷᠭᠢᠭᠦᠯᠵᠦ ) ᠢᠷᠡᠭᠡᠳ  
 ᠳᠤᠮᠳᠠ ᠴᠢᠮᠥᠭᠡ ᠶ᠋ᠢ ᠨᠢ ᠬᠤᠭᠤ ᠬᠠᠶᠠᠭᠠᠳ 
 ᠣᠷᠬᠢᠪᠠ ᠭᠡᠨ᠎ᠡ᠃  
 ᠭᠤᠷᠪᠠᠨ ᠮᠥᠷᠥᠢ ᠪᠡᠨ ᠠᠪᠤᠪᠠ ᠭᠡᠨ᠎ᠡ ᠃ 
 ᠠᠷᠪᠠᠨ ᠬᠣᠨᠣᠭ ᠠᠷᠠᠵᠠ ᠪᠠᠷ ᠨᠠᠢᠷᠯᠠᠵᠤ  
 ᠬᠣᠷᠢᠨ ᠬᠣᠨᠣᠭ ᠬᠣᠣᠷᠠᠵᠠ ᠪᠠᠷ ᠨᠠᠢᠷᠯᠠᠵᠤ  
 ᠨᠠᠷᠠᠨᠽᠠᠨᠳᠠᠨ ᠠᠪᠠᠬᠠᠢ ᠶ᠋ᠢ ᠵᠠᠯᠠᠵᠢᠨ( ᠵᠠᠯᠠᠵᠤ ) ᠠᠪᠤᠪᠠ ᠭᠡᠨ᠎ᠡ ᠃