ᠡᠬᠡ ᠬᠡᠯᠡ-ᠪᠢ · ᠳᠠᠮᠳᠢᠨᠰᠦ᠋ᠷᠦᠩЭх хэл-Би ·Дамдинсүрэн
ᠡᠬᠡ ᠬᠡᠯᠡ
ᠰᠢᠯᠦᠭ᠄ ᠪᠢ · ᠳᠠᠮᠳᠢᠨᠰᠦ᠋ᠷᠦᠩ
ᠰᠢᠪᠬᠠᠭᠳᠠᠰᠢ ᠦᠭᠡᠢ ᠳᠠᠯᠠᠢ ᠪᠢᠯᠡ
ᠴᠢᠮᠠᠯᠠᠭᠳᠠᠰᠢ ᠦᠭᠡᠢ ᠡᠷᠳᠡᠨᠢᠰ ᠪᠢᠯᠡ
ᠡᠩᠨᠡᠰᠢ ᠦᠭᠡᠢ ᠪᠠᠶᠠᠨ ᠪᠢᠯᠡ
ᠡᠪᠬᠡᠭᠳᠡᠰᠢ ᠦᠭᠡᠢ ᠲᠠᠩᠰᠤᠭ ᠪᠢᠯᠡ
ᠬᠬᠢᠷᠲᠤᠰᠢ ᠦᠭᠡᠢ ᠥᠩᠭᠡ ᠪᠢᠯᠡ
ᠬᠢᠯᠬᠢᠭᠳᠡᠰᠢ ᠦᠭᠡᠢ ᠰᠤᠪᠤᠳ ᠪᠢᠯᠡ
ᠳᠠᠭᠠᠪᠤᠷᠢᠯᠠᠰᠢ ᠦᠭᠡᠢ ᠣᠨᠢᠰᠣᠭ᠎ᠠ ᠪᠢᠯᠡ
ᠳᠠᠭᠠᠭᠠᠭᠳᠠᠰᠢ ᠦᠭᠡᠢ ᠠᠭᠤᠯᠠᠰ ᠪᠢᠯᠡ
ᠬᠡᠯᠡᠰᠢ ᠦᠭᠡᠢ ᠦᠭᠡ ᠪᠢᠯᠡ
ᠬᠡᠪᠯᠡᠭᠳᠡᠰᠢ ᠦᠭᠡᠢ ᠨᠣᠮ ᠪᠢᠯᠡ
ᠰᠥᠨᠥᠰᠢ ᠦᠭᠡᠢ ᠬᠡᠢᠮᠣᠷᠢ ᠪᠢᠯᠡ
ᠰᠥᠬᠥᠷᠡᠰᠢ ᠦᠭᠡᠢ ᠵᠣᠷᠢᠭ ᠪᠢᠯᠡ
ᠮᠠᠷᠭᠠᠰᠢ ᠦᠭᠡᠢ ᠰᠤᠷᠭᠠᠯ ᠪᠢᠯᠡ
ᠮᠤᠩᠳᠠᠰᠢ ᠦᠭᠡᠢ ᠰᠡᠴᠡᠨ ᠪᠢᠯᠡ
ᠳᠤᠮᠳᠠᠷᠠᠰᠢ ᠦᠭᠡᠢ ᠢᠷᠠᠭᠤ ᠪᠢᠯᠡ
ᠲᠠᠲᠠᠷᠠᠰᠢ ᠦᠭᠡᠢ ᠶᠠᠲᠤᠭ᠎ᠠ ᠪᠢᠯᠡ
ᠡᠯᠡᠭᠳᠡᠰᠢ ᠦᠭᠡᠢ ᠢᠷ ᠪᠢᠯᠡ
ᠡᠮᠲᠡᠷᠡᠰᠢ ᠦᠭᠡᠢ ᠬᠤᠷᠴᠠ ᠪᠢᠯᠡ
ᠦᠰᠦᠭ ᠠᠮᠢᠯᠠᠭᠤᠯᠤᠭᠰᠠᠨ ᠨᠢ᠄ ᠴᠢ · ᠤᠷᠠᠨᠴᠡᠴᠡᠭ
ᠬᠢᠨᠠᠯᠲᠠ ᠬᠢᠭᠰᠡᠨ ᠪᠠᠭᠰᠢ ᠄ ᠳ᠋ᠠᠰᠢᠨᠢᠮ᠎ᠡ
