ᠲᠡᠮᠦᠷᠰᠡᠭ ᠮᠣᠳᠣТөмөрсөг мод ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠡᠮᠦᠷᠰᠡᠭ ᠮᠣᠳᠣТөмөрсөг мод

ᠲᠡᠮᠦᠷᠰᠡᠭ ᠮᠣᠳᠣТөмөрсөг мод

2024-03-01

634

ᠲᠡᠮᠦᠷᠰᠡᠭ ᠮᠣᠳᠣ

            ᠲᠡᠮᠦᠷᠯᠡᠭ ᠮᠣᠳᠣᠨ ᠤ᠋ ᠢᠵᠠᠭᠤᠷ   

   ᠮᠥᠩᠬᠡ ᠨᠣᠭᠣᠭᠠᠨ ᠲᠤᠷᠤᠭ ᠮᠣᠳᠣ᠂ 2 —4m ᠥᠨᠳᠥᠷ᠃ ᠡᠰᠢᠨ ᠦ᠌ ᠬᠢᠨᠢ ᠭᠠᠳᠠᠷ ᠲᠠᠯ᠎ᠠ ᠪᠠᠷ ᠥᠨᠢᠳᠡ ᠣᠷᠣᠰᠢᠬᠤ ᠨᠠᠪᠴᠢᠨ ᠤ᠋ ᠤᠭ ᠪᠠ ᠲᠤᠩ ᠢᠯᠡᠬᠡᠨ ᠨᠠᠪᠴᠢᠨ ᠣᠷᠣᠮ ᠬᠤᠴᠢᠵᠠᠢ᠃ ᠥᠲᠥᠨ ᠬᠡᠯᠪᠡᠷᠢᠲᠦ ᠨᠡᠢᠯᠡᠮᠡᠯ ᠨᠠᠪᠴᠢ ᠨᠢ1 —2m ᠤᠷᠲᠤ᠂ ᠪᠠᠷᠢᠭᠤᠯ ᠳ᠋ᠠᠭᠠᠨ ᠥᠷᠭᠡᠰᠦ ᠲᠡᠢ᠂ ᠡᠰᠢᠨ ᠦ᠌ ᠪᠡᠨ ᠣᠷᠣᠢ ᠳ᠋ᠤ᠌ ᠪᠠᠭᠯᠠᠷᠠᠨ ᠤᠷᠭᠤᠳᠠᠭ᠃ ᠵᠢᠵᠢᠭ ᠨᠠᠪᠴᠢ ᠨᠢ ᠨᠠᠷᠢᠨ ᠬᠠᠪᠲᠠᠭᠠᠢ ᠲᠡᠪᠡᠨᠡ ᠬᠡᠯᠪᠡᠷᠢ ᠲᠡᠢ᠂ ᠥᠷᠭᠡᠰᠦ ᠮᠡᠲᠦ ᠬᠤᠷᠴᠠ ᠦᠵᠦᠭᠦᠷ ᠲᠡᠢ᠂ ᠬᠥᠪᠡᠭᠡ ᠨᠢ ᠪᠦᠲᠦᠨ ᠪᠥᠭᠡᠳ ᠠᠷᠤ ᠲᠠᠢᠰᠢ ᠪᠠᠨ ᠬᠤᠮᠢᠭᠠᠷ᠂ 9—18cm ᠤᠷᠲᠤ᠂3—6mm ᠥᠷᠭᠡᠨ᠃ ᠴᠡᠴᠡᠭ ᠨᠢ ᠭᠠᠭᠴᠠ ᠪᠡᠯᠭᠡ ᠲᠡᠢ ᠪᠥᠭᠡᠳ ᠣᠨᠳᠣᠣ ᠭᠡᠷ ᠲᠡᠢ᠃ ᠡᠷ᠎ᠡ ᠪᠠᠭ ᠴᠡᠴᠡᠭ ᠨᠢ ᠪᠥᠭᠡᠷᠡᠩᠬᠡᠢ ᠪᠠᠭᠠᠨ᠎ᠠ ᠬᠡᠯᠪᠡᠷᠢ ᠲᠡᠢ᠂30—40cm ᠤᠷᠲᠤ᠂ ᠳᠡᠭᠡᠷ᠎ᠡ ᠨᠢ ᠮᠠᠰᠢ ᠣᠯᠠᠨ ᠰᠢᠭᠠᠨᠲᠠᠭ ᠬᠡᠯᠪᠡᠷᠢ ᠲᠡᠢ ᠬᠠᠢᠷᠰᠤ ᠨᠤᠭᠤᠳ ᠱᠣᠷᠬᠠᠯᠠᠨ ᠴᠢᠬᠢᠯᠳᠦᠵᠦ ᠤᠷᠭᠤᠳᠠᠭ᠂ ᠬᠠᠢᠷᠰᠤ ᠨᠢᠭᠡ ᠪᠦᠷᠢ ᠶ᠋ᠢᠨ ᠠᠷᠤ ᠳ᠋ᠤ᠌ ᠲᠣᠭ᠎ᠠ ᠦᠭᠡᠢ ᠣᠯᠠᠨ ᠲᠣᠭᠣᠰᠣᠪᠴᠢ ᠪᠣᠢ᠃ ᠡᠮ᠎ᠡ ᠪᠠᠭ ᠴᠡᠴᠡᠭ ᠨᠢ ᠲᠠᠯ᠎ᠠ ᠪᠥᠮᠪᠦᠭᠡᠨ ᠬᠡᠯᠪᠡᠷᠢ ᠲᠡᠢ᠂14—22cm ᠤᠷᠲᠤ᠂ ᠭᠠᠳᠠᠭᠤᠷ ᠨᠢ ᠰᠢᠷ᠎ᠠ ᠬᠦᠷᠡᠩ ᠦᠰᠦ ᠬᠡᠪᠢᠰ ᠰᠢᠭ ᠨᠢᠭ ᠤᠷᠭᠤᠳᠠᠭ᠂ ᠳᠡᠭᠡᠳᠦ ᠣᠷᠣᠢ ᠨᠢ ᠥᠷᠭᠡᠨ ᠪᠥᠭᠡᠳ ᠰᠠᠮ ᠱᠦᠭᠦᠷ ᠮᠡᠲᠦ ᠰᠡᠲᠡᠷᠬᠡᠢ᠂ ᠳᠣᠣᠷᠠᠲᠤ ᠬᠡᠰᠡᠭ ᠦ᠋ᠨ ᠬᠣᠶᠠᠷ ᠬᠠᠵᠠᠭᠤ ᠳ᠋ᠤ᠌2—4 ᠨᠢᠴᠦᠭᠦᠨ ᠦᠷ᠎ᠡ ᠨᠠᠬᠢᠶ᠎ᠠ ᠲᠠᠢ᠃ ᠦᠷ᠎ᠡ ᠨᠢ ᠬᠠᠮᠰᠢᠭᠢᠷ ᠥᠨᠳᠡᠭᠡᠯᠵᠢᠨ᠂4cm ᠤᠷᠲᠤ᠂ ᠪᠣᠯᠪᠠᠰᠤᠷᠠᠪᠠᠯ ᠤᠯᠠᠢᠨ᠎ᠠ᠃
   ᠡᠰᠢᠨ ᠳ᠋ᠦ᠍ᠨᠢ ᠴᠠᠷᠳᠠᠭᠤᠯ ᠲᠠᠢ᠃ ᠦᠷ᠎ᠡ ᠨᠢ ᠵᠢᠭᠠᠬᠠᠨ ᠬᠣᠣᠷ ᠲᠠᠢ᠂ ᠡᠮ ᠳ᠋ᠦ᠍ ᠣᠷᠣᠨ᠎ᠠ᠃
ᠬᠢᠲᠠᠳ ᠨᠠᠷ᠎ᠡ᠄苏铁(铁树)
ᠠᠩᠭ᠌ᠯᠢ ᠨᠡᠷ᠎ᠡ ᠄ Cycas revoluta Thunb

   ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ
   ᠬᠢᠨᠠᠭᠴᠢ᠄ ᠣᠳᠬᠠᠨᠰᠣ᠎ᠠ