ᠬᠠᠨ ᠴᠡᠩᠬᠡᠯ (ᠲᠤᠤᠯᠢ ) -1 Хан цэнгэл (туули ) -1 ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠨ ᠴᠡᠩᠬᠡᠯ (ᠲᠤᠤᠯᠢ ) -1 Хан цэнгэл (туули ) -1

ᠬᠠᠨ ᠴᠡᠩᠬᠡᠯ (ᠲᠤᠤᠯᠢ ) -1 Хан цэнгэл (туули ) -1

ᠠᠩᠭᠢᠯᠠᠯ:ᠳᠣᠮᠣᠭ ᠦᠯᠢᠭᠡᠷ
2024-03-01

726

ᠬᠠᠨ ᠴᠡᠩᠬᠡᠯ (ᠲᠤᠤᠯᠢ )


 ᠬᠡᠳᠦᠢᠨ ᠬᠡᠳᠦᠢᠨ ᠴᠠᠭ ᠲᠤ᠌  
 ᠤᠷᠢᠳᠤ ᠶ᠋ᠢᠨ ᠤᠷᠢᠳᠤ ᠶ᠋ᠢᠨ ᠴᠠᠭ ᠲᠤ᠌ 
 ᠡᠩᠬᠡ ᠶ᠋ᠢᠨ ᠡᠬᠢᠨ ᠦ᠌ ᠴᠠᠭ ᠲᠤ᠌ 
 ᠡᠩᠬᠡ ᠲᠥᠷᠥ ᠬᠣᠶᠠᠷ 
 ᠪᠠᠲᠤ ᠪᠠᠢᠬᠤ ᠴᠠᠭ ᠲᠤ᠌ 
 ᠪᠠᠷᠠᠭᠤᠨ ᠬᠣᠢᠲᠤ ᠵᠦᠭ ᠢ᠋  
 ᠪᠠᠷᠢᠨ ᠡᠵᠡᠯᠡᠨ ᠰᠠᠭᠤᠭᠰᠠᠨ 
 ᠪᠠᠶᠠᠨ ᠬᠦᠳᠡᠷ ᠠᠯᠲᠠᠢ ᠬᠠᠭᠠᠨ ᠭᠡᠵᠦ  
 ᠨᠢᠭᠡᠨ ᠶᠡᠬᠡ ᠪᠠᠶᠠᠨ ᠬᠠᠭᠠᠨ ᠪᠠᠢᠪᠠ ᠭᠡᠨ᠎ᠡ᠃ 
 ᠲᠡᠭᠷᠢ ᠶ᠋ᠢ ᠲᠡᠪᠬᠡ ᠶ᠋ᠢᠨ ᠴᠢᠨᠡᠭᠡᠨ ᠪᠠᠢᠬᠤ ᠴᠠᠭ ᠠ᠋ᠴᠠ 
 ᠨᠠᠭᠠᠷ᠎ᠠ ( ᠨᠠᠭᠠᠰᠢ ) ᠭᠠᠵᠠᠷ ᠢ᠋ 
 ᠭᠠᠯ ᠭᠣᠯᠣᠮᠲᠠ ᠶ᠋ᠢᠨ ᠴᠢᠨᠡᠭᠡᠨ ᠪᠠᠢᠬᠤ ᠴᠠᠭ ᠠ᠋ᠴᠠ 
 ᠨᠠᠭᠠᠷ᠎ᠠ ( ᠨᠠᠭᠠᠰᠢ )  ᠤᠨᠲᠠᠷᠠᠭᠠᠳ ᠢᠷᠡᠳᠡᠭ 
 ᠭᠠᠯ ᠲᠠᠢ ᠪᠠᠢᠪᠠ ᠭᠡᠨ᠎ᠡ 
 ᠨᠡᠪᠲᠡᠷᠡᠭᠡᠳ ᠢᠷᠡᠳᠡᠭ  
 ᠲᠥᠷᠥ ᠲᠡᠢ ᠪᠠᠢᠪᠠ ᠭᠡᠨ᠎ᠡ 
 ᠰᠦᠨ ᠳᠠᠯᠠᠢ ᠱᠠᠯᠴᠢᠭ ( ᠱᠠᠯᠪᠠᠭ )  ᠪᠠᠢᠪᠠ ᠭᠡᠨ᠎ᠡ 
 ᠰᠦᠮᠪᠦᠷ ᠠᠭᠤᠯᠠ ᠳᠣᠪᠣᠩ ( ᠳᠣᠪᠣᠴᠠᠭ )  ᠪᠠᠢᠪᠠ ᠭᠡᠨ᠎ᠡ  
 ᠲᠠᠢᠪᠤᠩ ᠬᠠᠭᠠᠨ ᠪᠠᠯᠴᠢᠷ  ᠪᠠᠢᠪᠠ ᠭᠡᠨ᠎ᠡ 
 ᠳᠠᠯᠠᠢ ᠯᠠᠮᠠ ᠪᠠᠨᠳᠢ ᠪᠠᠢᠪᠠ ᠭᠡᠨ᠎ᠡ  
 ᠨᠠᠷᠠᠨ ᠰᠢᠨ᠎ᠡ ᠮᠠᠨᠳᠤᠪᠠ ᠭᠡᠨ᠎ᠡ  
 ᠨᠠᠮᠴᠢ ( ᠨᠠᠪᠴᠢ )  ᠰᠢᠨ᠎ᠡ ᠳᠡᠯᠭᠡᠷᠡᠪᠡ ᠭᠡᠨ᠎ᠡ 
 ᠰᠠᠷᠠ ᠰᠢᠨ᠎ᠡ ᠮᠠᠨᠳᠤᠪᠠ ᠭᠡᠨ᠎ᠡ  
 ᠱᠠᠵᠢᠨ ᠰᠢᠨ᠎ᠡ ᠳᠡᠯᠭᠡᠷᠡᠪᠡ ᠭᠡᠨ᠎ᠡ᠃  
 ᠵᠠᠭᠤᠨ ᠨᠠᠢ᠍ᠮᠠᠨ ᠲᠠᠷᠠᠮ ( ᠬᠠᠨ᠎ᠠ ) ᠲᠠᠢ ᠪᠠᠢᠪᠠ ᠭᠡᠨ᠎ᠡ 
 ᠵᠢᠷᠭᠤᠭᠠᠨ ᠮᠢᠩᠭᠠᠨ ᠣᠨᠢ ᠲᠠᠢ ᠪᠠᠢᠪᠠ ᠭᠡᠨ᠎ᠡ  
 ᠳᠠᠭᠠᠨ ( ᠳᠠᠭ᠎ᠠ )  ᠤ ᠤᠷᠤᠯᠳᠤᠭᠠᠨ ᠤ᠋ ᠴᠢᠨᠡᠭᠡᠨ  
 ᠭᠠᠵᠠᠷ ᠠ᠋ᠴᠠ ᠨᠠᠭᠠᠷ᠎ᠠ  ( ᠨᠠᠭᠠᠰᠢ ) ᠲᠥᠭᠥᠭᠡᠯᠡᠨ (ᠳᠤᠭᠤᠢᠯᠠᠨ)  ᠪᠠᠷᠢᠭᠰᠠᠨ  
 ᠲᠡᠭᠷᠢ ᠶ᠋ᠢᠨ ᠰᠢᠷᠭᠠᠯ ᠴᠠᠭᠠᠨ ᠡᠭᠦᠯᠡᠨ ᠳ᠋ᠦ᠍  
 ᠲᠤᠯᠭᠠᠨ ᠪᠠᠷᠢᠭᠰᠠᠨ ᠪᠠᠮᠪᠠᠯᠠᠢ ᠴᠠᠭᠠᠨ ᠥᠷᠭᠥᠭᠡ ᠲᠡᠢ ᠪᠠᠢᠪᠠ ᠭᠡᠨ᠎ᠡ᠃ 
 ᠡᠮᠦᠷ᠎ᠡ ( ᠡᠮᠦᠨᠡᠰᠢ ) ᠪᠡᠨ ᠪᠡᠯᠴᠢᠭᠡᠳ ᠭᠠᠷᠳᠠᠭ  
 ᠦᠢ ᠮᠠᠩᠬᠠᠨ ᠲᠡᠮᠡᠭᠡ ᠲᠡᠢ ᠪᠠᠢᠪᠠ ᠭᠡᠨ᠎ᠡ 
 ᠬᠣᠢᠷ᠎ᠠ ᠪᠠᠨ ᠪᠡᠯᠴᠢᠭᠡᠳ ᠭᠠᠷᠳᠠᠭ  
 ᠬᠤᠸ᠎ᠠ ᠤᠯᠠᠭᠠᠨ ᠦᠬᠡᠷ ᠲᠡᠢ ᠪᠠᠢᠪᠠ ᠭᠡᠨ᠎ᠡ 
 ᠬᠣᠲᠣᠩ ᠤ᠋ᠨ ᠭᠣᠣᠯ ᠢ᠋ᠶ᠋ᠠᠷ  
 ᠬᠣᠶᠠᠷ ᠭᠤᠷᠪᠠ ᠳᠦᠭᠦᠷᠳᠡᠭ  
 ᠪᠤᠮᠠ ᠰᠠᠶ᠎ᠠ ᠬᠣᠨᠢ ᠲᠠᠢ ᠪᠠᠢᠪᠠ ᠭᠡᠨ᠎ᠡ  
 ᠨᠠᠷᠠᠨ ᠤ᠋ ᠬᠥᠯ ᠳᠣᠣᠷ᠎ᠠ ᠮᠠᠨᠠᠷᠠᠭᠠᠳ ᠪᠠᠢᠳᠠᠭ 
 ᠨᠠᠶᠠᠯᠠᠨ ᠬᠣᠩᠭᠣᠷ ᠠᠵᠠᠷᠭ᠎ᠠ ᠶ᠋ᠢᠨ  
 ᠠᠳᠤᠭᠤ ᠲᠠᠢ ᠪᠠᠢᠪᠠ ᠭᠡᠨ᠎ᠡ  
 ᠰᠠᠷᠠᠨ ᠤ᠋ ᠬᠥᠯ ᠳᠣᠣᠷ᠎ᠠ ᠮᠠᠨᠠᠷᠠᠭᠠᠳ ᠪᠠᠢᠳᠠᠭ 
 ᠰᠠᠶᠢᠯᠠᠨ ᠬᠣᠩᠭᠣᠷ ᠠᠵᠠᠷᠭ᠎ᠠ ᠶ᠋ᠢᠨ  
 ᠠᠳᠤᠭᠤ ᠲᠠᠢ ᠪᠠᠢᠪᠠ ᠭᠡᠨ᠎ᠡ᠃ 
 ᠨᠢᠭᠡᠨ ᠰᠡᠲᠡᠷ  ( ᠣᠩᠭᠣᠨ ) ᠲᠠᠢ ᠪᠠᠢᠪᠠ ᠭᠡᠨ᠎ᠡ  
 ᠬᠦ ᠮᠥᠩᠬᠡ ( ᠰᠠᠷᠢᠳᠠᠭ )  ᠶ᠋ᠢᠨ ᠰᠢᠯᠢ ᠶ᠋ᠢᠨ ᠣᠷᠣᠢ 
 ᠵᠤᠰᠠᠯᠠᠩ ᠲᠠᠢ ᠪᠠᠢᠪᠠ ᠭᠡᠨ᠎ᠡ  
 ᠬᠦᠢᠲᠡᠨ ᠬᠠᠪᠴᠢᠯ ᠤ᠋ᠨ ᠡᠬᠢᠨ  
 ᠨᠠᠮᠤᠷᠵᠢᠩ ( ᠨᠠᠮᠤᠷᠵᠢᠶ᠎ᠠ ) ᠲᠠᠢ ᠪᠠᠢᠪᠠ ᠭᠡᠨ᠎ᠡ ᠃  
 ᠵᠠᠭᠤᠷ᠎ᠠ ᠬᠣᠨᠣᠮ᠎ᠠ * ᠤᠷᠲᠤ ᠪᠡᠶ᠎ᠡ ᠲᠡᠢ ᠪᠠᠢᠪᠠ ᠭᠡᠨ᠎ᠡ 
 ᠵᠠᠭᠤᠨ ᠨᠠᠢ᠍ᠮᠠᠨ ᠠᠯᠲᠠ ᠬᠦᠵᠦᠭᠦᠦ ᠲᠡᠢ ᠪᠠᠢᠪᠠ ᠭᠡᠨ᠎ᠡ 
 ᠳᠤᠷᠠᠨ ᠬᠣᠶᠠᠷ ᠨᠢᠳᠦ ᠲᠡᠢ ᠪᠠᠢᠪᠠ ᠭᠡᠨ᠎ᠡ 
 ᠲᠤᠩ ᠪᠦᠷᠢᠶ᠎ᠡ ᠶ᠋ᠢᠨ ᠬᠠᠮᠠᠷ ᠲᠠᠢ ᠪᠠᠢᠪᠠ ᠭᠡᠨ᠎ᠡ 
 ᠬᠣᠩᠬᠣ ᠶ᠋ᠢᠨ ᠤᠴᠢᠷ ( ᠪᠠᠷᠢᠭᠤᠯ ) ᠴᠢᠬᠢ ᠲᠡᠢ ᠪᠠᠢᠪᠠ ᠭᠡᠨ᠎ᠡ 
 ᠥᠷᠥᠯᠪᠢ ᠶ᠋ᠢᠨ ᠠᠮᠠ ᠰᠢᠩᠭᠢ ( ᠰᠢᠭ ) ᠠᠮᠠ ᠲᠠᠢ ᠪᠠᠢᠪᠠ ᠭᠡᠨ᠎ᠡ 
 ᠬᠠᠰ ᠡᠷᠳᠡᠨᠢ ᠶ᠋ᠢᠨ ᠰᠢᠳᠦ ᠲᠡᠢ ᠪᠠᠢᠪᠠ ᠭᠡᠨ᠎ᠡ 
 ᠪᠣᠭᠲᠣ ᠴᠢᠮᠥᠭᠡᠨ ᠨᠢ ᠮᠠᠲᠠᠭᠠᠷ ᠪᠠᠢᠪᠠ ᠭᠡᠨ᠎ᠡ  
 ᠪᠣᠭᠣᠨᠢ ᠬᠠᠪᠢᠰᠤ ᠨᠢ ᠭᠦᠳᠦᠭᠦᠷ ᠪᠠᠢᠪᠠ ᠭᠡᠨ᠎ᠡ 
 ᠡᠢᠮᠦ ᠯᠡ ᠨᠢᠭᠡᠨ ᠰᠠᠢᠬᠠᠨ ᠮᠣᠷᠢᠨ ᠪᠠᠢᠪᠠ ᠭᠡᠨ᠎ᠡ ᠃  
 ᠨᠢᠭᠡᠨ ᠡᠳᠦᠷ ᠪᠣᠯᠪᠠ ᠭᠡᠨ᠎ᠡ  
 ᠨᠢᠭᠡ ᠲᠠᠢᠵᠢ ᠭᠡᠢᠭᠰᠡᠨ ( ᠮᠡᠨᠳᠦᠯᠡᠭᠰᠡᠨ )  ᠪᠠᠢᠪᠠ ᠭᠡᠨ᠎ᠡ  
 ᠲᠡᠭᠷᠢ ᠲᠡᠢ ᠲᠡᠰᠦᠷᠡᠯᠴᠡᠭᠡᠳ ( ᠲᠡᠩᠴᠡᠯᠳᠦᠭᠡᠳ )  ᠭᠠᠷᠪᠠ ᠭᠡᠨ᠎ᠡ 
 ᠭᠠᠵᠠᠷ ᠲᠠᠢ ᠭᠠᠴᠠᠯᠴᠠᠭᠠᠳ ( ᠬᠠᠷᠰᠢᠯᠳᠤᠭᠠᠳ )   ᠭᠠᠷᠪᠠ ᠭᠡᠨ᠎ᠡ  
 ᠵᠠᠭᠤᠨ ᠨᠠᠢ᠍ᠮᠠᠨ ᠢᠷᠭᠡ ᠶ᠋ᠢᠨ ᠠᠷᠠᠰᠤ ᠪᠠᠷ ᠵᠦᠢᠵᠦ ᠵᠠᠭᠠᠵᠤ ( ᠵᠠᠯᠭᠠᠵᠤ ) 
 ᠠᠷᠠᠢ ᠴᠢᠷᠠᠢ ᠭᠡᠵᠦ ᠨᠢᠭᠡ ᠮᠠᠨᠴᠤᠢᠯᠠᠭᠠᠳ ᠲᠠᠯᠪᠢᠭᠠᠳ ᠣᠷᠬᠢᠭᠰᠠᠨ ᠪᠠᠢᠪᠠ ᠭᠡᠨ᠎ᠡ  
 ᠵᠡᠭᠦᠨ ᠠᠭᠤᠯᠠ ᠶ᠋ᠢ ᠠᠪᠴᠢᠷᠠᠭᠠᠳ ᠲᠦᠰᠢᠯᠭᠡ ( ᠳᠡᠷ᠎ᠡ ) ᠲᠠᠯᠪᠢᠪᠠ ᠭᠡᠨ᠎ᠡ ᠃ 
 ᠪᠠᠷᠠᠭᠤᠨ ᠠᠭᠤᠯᠠ ᠶ᠋ᠢ ᠠᠪᠴᠢᠷᠠᠭᠠᠳ ᠢᠰᠬᠦᠯᠪᠦᠷᠢ ( ᠢᠰᠬᠦᠯᠦᠭᠦᠷ ) ᠲᠠᠯᠪᠢᠪᠠ ᠭᠡᠨ᠎ᠡ ᠃  
 ᠭᠤᠨᠠᠨ ᠨᠠᠰᠤ ᠬᠦᠷᠪᠡ ᠭᠡᠨ᠎ᠡ 
 ᠭᠤᠨᠵᠢᠨ ᠴᠡᠩᠭᠡᠯ ᠨᠡᠷ᠎ᠡ ᠳᠠᠭᠤᠷᠢᠰᠤᠨ ᠰᠠᠭᠤᠪᠠ ᠭᠡᠨ᠎ᠡ 
 ᠭᠤᠷᠪᠠᠨ ᠪᠠᠢᠷᠢ ᠶ᠋ᠢᠨ ᠡᠵᠡᠨ ᠰᠠᠭᠤᠪᠠ ᠭᠡᠨ᠎ᠡ 
 ᠳᠥᠨᠡᠨ ᠨᠠᠰᠤ ᠬᠦᠷᠪᠡ ᠭᠡᠨ᠎ᠡ 
 ᠳᠥᠨᠵᠢᠨ ᠴᠡᠩᠭᠡᠯ ᠨᠡᠷ᠎ᠡ ᠳᠠᠭᠤᠷᠢᠰᠤᠨ ᠰᠠᠭᠤᠪᠠ ᠭᠡᠨ᠎ᠡ 
 ᠳᠥᠷᠪᠡᠨ ᠪᠠᠢᠷᠢ ᠶ᠋ᠢᠨ ᠡᠵᠡᠨ ᠰᠠᠭᠤᠪᠠ ᠭᠡᠨ᠎ᠡ ᠃  
 ᠨᠢᠭᠡᠨ ᠡᠳᠦᠷ ᠪᠣᠯᠪᠠ ᠭᠡᠨ᠎ᠡ  
 ᠨᠠᠢ᠍ᠮᠠᠨ ᠬᠥᠯ ᠲᠡᠢ ᠨᠠᠢᠷ ᠠᠯᠲᠠᠨ ᠰᠢᠷᠡᠭᠡᠨ ᠳᠡᠭᠡᠷ᠎ᠡ ᠪᠡᠨ 
 ᠬᠠᠷᠭᠠᠢ ᠶ᠋ᠢᠨ ᠣᠴᠢ ᠮᠡᠲᠦ ᠴᠠᠪ ᠲᠤᠰᠲᠠᠯ᠎ᠠ ( ᠪᠣᠰᠢᠭᠣ ᠱᠠᠯᠠᠮᠠᠭ )  
 ᠪᠠᠭᠤᠭᠠᠳ ( ᠰᠠᠭᠤᠭᠠᠳ )  ᠣᠷᠬᠢᠪᠠ ᠭᠡᠨ᠎ᠡ 
 《 ᠬᠠᠨ ᠪᠤᠭᠤᠷᠤᠯ ᠠᠪᠤ ᠮᠢᠨᠢ   
 ᠬᠠᠲᠤᠨ ᠪᠤᠭᠤᠷᠤᠯ ᠡᠬᠡ ᠮᠢᠨᠢ  
 ᠡᠷ᠎ᠡ ᠬᠥᠮᠦᠨ ᠭᠡᠰᠡᠨ ᠬᠣᠢᠨ᠎ᠠ ᠪᠠᠨ 
 ᠭᠡᠷ ᠲᠦ᠍ ᠲᠥᠷᠥᠳᠡᠭ ᠶᠣᠰᠣᠲᠠᠢ ! 
 ᠬᠡᠭᠡᠷ᠎ᠡ ᠦᠬᠦᠳᠡᠭ ᠶᠣᠰᠣᠲᠠᠢ  
 ᠮᠢᠨᠦ ᠶᠠᠪᠤᠳᠠᠭ ᠭᠠᠵᠠᠷ ᠮᠢᠨᠢ ᠬᠠᠮᠢᠭ᠎ᠠ ᠪᠣᠢ? 
 ᠰᠠᠭᠤᠳᠠᠭ ᠰᠠᠭᠤᠷᠢ ᠮᠢᠨᠢ ᠬᠠᠮᠢᠭ᠎ᠠ ᠪᠣᠢ ?》 ᠭᠡᠵᠦ 
 ᠪᠤᠷᠬᠠᠨ ᠪᠣᠯᠤᠭᠰᠠᠨ ᠮᠠᠩᠨᠠᠢ ᠪᠠᠨ  
 ᠨᠢᠭᠡ ᠮᠥᠷᠭᠥᠪᠡ ᠭᠡᠨ᠎ᠡ 
 ᠪᠤᠯᠠᠭ᠎ᠠ ᠪᠣᠯᠤᠭᠰᠠᠨ ᠡᠪᠦᠳᠦᠭ ᠢ᠋ᠶ᠋ᠡᠨ ᠨᠢᠭᠡ ᠪᠣᠬᠢᠷᠪᠠ ᠭᠡᠨ᠎ᠡ ᠃  
 ᠲᠡᠭᠡᠬᠦ ᠳ᠋ᠦ᠍ ᠬᠠᠲᠤᠨ ᠪᠤᠭᠤᠷᠤᠯ ᠡᠬᠡ ᠨᠢ ᠨᠢᠭᠡᠨ ᠠᠢᠯᠠᠳᠪᠠ ᠭᠡᠨ᠎ᠡ  
 《 ᠬᠥᠪᠡᠭᠦᠨ ᠮᠢᠨᠢ ᠂ ᠬᠥᠪᠡᠭᠦᠨ ᠮᠢᠨᠢ  
 ᠡᠬᠡ ᠡᠴᠡ ᠪᠢᠰᠢ ( ᠪᠤᠰᠤᠳ ) ᠢ᠋ ᠲᠠᠨᠢᠭᠠᠳ ᠦᠭᠡᠢ ᠪᠢᠰᠢᠦ ( ᠪᠠᠢᠨ᠎ᠠ ᠰᠢᠦ )  
 ᠡᠷᠭᠢᠨ( ᠪᠣᠱᠣᠭ᠎ᠠ ) ᠠ᠋ᠴᠠ ᠪᠢᠰᠢ ( ᠪᠤᠰᠤᠳ ) ᠢ᠋  ᠳᠠᠪᠠᠭᠠᠳ ᠦᠭᠡᠢ ᠪᠢᠰᠢᠦ ( ᠪᠠᠢᠨ᠎ᠠ ᠰᠢᠦ )  
 ᠮᠢᠬᠠᠨ ᠴᠢᠨᠢ ᠮᠢᠬᠠᠰᠢᠭᠠᠳ ᠦᠭᠡᠢ ᠪᠢᠰᠢᠦ ( ᠪᠠᠢᠨ᠎ᠠ ᠰᠢᠦ )  
 ᠱᠥᠯᠦᠨ ᠴᠢᠨᠢ ᠱᠥᠯᠥᠰᠢᠭᠡᠳ ᠦᠭᠡᠢ ᠪᠢᠰᠢᠦ ( ᠪᠠᠢᠨ᠎ᠠ ᠰᠢᠦ )! 》 ᠭᠡᠵᠦ ᠠᠢᠯᠠᠳᠪᠠ ᠭᠡᠨ᠎ᠡ᠃ 
 ᠲᠡᠭᠡᠬᠦ ᠳ᠋ᠦ᠍ ᠬᠠᠭᠠᠨ ᠪᠤᠭᠤᠷᠤᠯ ᠠᠪᠤ ᠨᠢ ᠨᠢᠭᠡᠨ ᠠᠢᠯᠠᠳᠪᠠ ᠭᠡᠨ᠎ᠡ   
 《 ᠬᠥᠪᠡᠭᠦᠨ ᠮᠢᠨᠢ ᠂ ᠬᠥᠪᠡᠭᠦᠨ ᠮᠢᠨᠢ !  
 ᠪᠢ ᠪᠠᠭ᠎ᠠ ᠵᠠᠯᠠᠭᠤ ᠴᠠᠭ ᠲᠤ᠌ 
 ᠪᠠᠬ᠎ᠠ ᠳᠤᠬᠤ ᠬᠥᠭᠡᠭᠡᠵᠦ ᠶᠠᠪᠤᠬᠤ ᠴᠠᠭ ᠲᠤ᠌  
 ᠪᠠᠷᠠᠭᠤᠨ ᠬᠣᠢᠲᠤ ᠵᠦᠭ ᠲᠦ᠍  
 ᠪᠠᠯᠮᠠᠭᠡᠷᠡᠯ ᠮᠠᠨ᠎ᠠ ᠬᠣᠶᠠᠷ 
 ᠪᠠᠲᠤᠲᠠᠢᠬᠠᠨ ᠭᠤᠷᠪᠠᠨ ᠦᠭᠡ ᠪᠡᠨ  
 ᠬᠦᠦᠨᠢᠯᠳᠦᠬᠦ ( ᠶᠠᠷᠢᠯᠴᠠᠬᠤ ) ᠨᠢ  ᠬᠦᠦᠨᠢᠯᠳᠦᠭᠰᠡᠨ ᠪᠢᠯᠡ  
 ᠨᠠᠷᠠᠨᠽᠠᠨᠳᠠᠨ ᠠᠪᠠᠬᠠᠢ ᠶ᠋ᠢ ᠵᠠᠯᠠᠬᠤ ᠪᠠᠷ   
 ᠰᠢᠢᠳᠬᠦ ᠨᠢ ᠰᠢᠢᠳᠦᠭᠰᠡᠨ ᠪᠢᠯᠡ᠃  
 ᠬᠤᠤᠷᠠᠨ ᠱᠣᠣ ᠶ᠋ᠢᠨ ᠶᠡᠬᠡ ᠳᠠᠯᠠᠢ ᠲᠠᠢ ᠪᠢᠯᠡ  
 ᠬᠣᠣᠷᠲᠠᠨ ᠮᠣᠭᠠᠢ ᠶ᠋ᠢᠨ ᠶᠡᠬᠡ ᠳᠠᠢᠰᠤᠨ ᠲᠠᠢ ᠪᠢᠯᠡ᠃  
 ᠲᠤᠷᠤᠭ ᠰᠢᠪᠠᠭᠤ ᠲᠤᠷᠠᠵᠤ ᠬᠦᠷᠦᠮᠡᠷ  
 ᠬᠣᠯᠠ ᠭᠠᠵᠠᠷ ᠪᠢᠯᠡ 
 ᠡᠯᠢᠶ᠎ᠡ ᠰᠢᠪᠠᠭᠤ ᠭᠤᠷᠪᠠ ᠥᠨᠳᠡᠭᠡᠯᠡᠵᠦ ᠬᠦᠷᠦᠮᠡᠷ ᠬᠣᠯᠠ ᠭᠠᠵᠠᠷ ᠪᠢᠯᠡ! 》ᠭᠡᠵᠦ 
 ᠠᠢᠯᠠᠳᠤᠭᠰᠠᠨ ᠪᠠᠢᠪᠠ ᠭᠡᠨ᠎ᠡ ᠃ 
 ᠲᠡᠭᠡᠬᠦ ᠳ᠋ᠦ᠍ ᠪᠠᠷᠠᠭᠤᠨ ᠥᠭᠡᠳᠡ ᠨᠢ 
 ᠪᠠᠷᠠᠭ ᠪᠣᠯᠤᠭᠰᠠᠨ ᠵᠠᠢᠰᠠᠩ ᠤ᠋ᠳ ᠨᠢ 
 ᠪᠠᠭᠲᠠᠨ ᠶᠠᠳᠠᠨ ᠰᠠᠭᠤᠯᠴᠠᠭᠠᠳ ᠣᠷᠬᠢᠪᠠ ᠭᠡᠨ᠎ᠡ 
 ᠵᠡᠭᠦᠨ ᠥᠭᠡᠳᠡ ᠨᠢ ᠵᠦᠷᠡᠭ ᠪᠣᠯᠤᠭᠰᠠᠨ ᠵᠠᠢᠰᠠᠩ ᠤ᠋ᠳ ᠨᠢ 
 ᠪᠠᠭᠲᠠᠨ ᠶᠠᠳᠠᠨ ᠰᠠᠭᠤᠯᠴᠠᠭᠠᠳ ᠣᠷᠬᠢᠪᠠ ᠭᠡᠨ᠎ᠡ᠂ 
 ᠳᠣᠯᠣᠭᠠᠨ ᠬᠦᠷᠡᠯ ᠬᠠᠢᠰᠤ ᠪᠠᠨ ᠣᠷᠣᠯᠳᠣᠭᠤᠯᠤᠭᠠᠳ ᠪᠠᠢᠪᠠ ᠭᠡᠨ᠎ᠡ 
 ᠳᠣᠯᠣᠭᠠᠨ ᠠᠭᠤᠯᠠ ᠶ᠋ᠢᠨ ᠴᠠᠭ ( ᠴᠢᠨᠡᠭᠡᠨ )  ᠮᠢᠬ᠎ᠠ 
 ᠪᠣᠯᠭᠣᠭᠠᠳ ᠲᠠᠯᠪᠢᠭᠠᠳ ᠣᠷᠬᠢᠪᠠ ᠭᠡᠨ᠎ᠡ᠃  
 ᠲᠡᠭᠡᠬᠦ ᠳ᠋ᠦ᠍ ᠠᠳᠤᠭᠤᠴᠢᠨ ᠠᠭ ᠰᠠᠬᠠᠯ ᠡᠪᠦᠭᠡᠨ ᠢ᠋ 
 ᠬᠤᠰᠠᠷᠠᠳᠠᠭ ( ᠬᠤᠰᠠᠷᠠᠩ )  ᠬᠠᠷ᠎ᠠ ᠭᠡᠭᠦᠦ ᠶ᠋ᠢᠨ 
 ᠬᠤᠯᠠᠨ ᠬᠣᠩᠭᠣᠷ ᠠᠵᠢᠷᠭ᠎ᠠ ᠶ᠋ᠢᠨ 
 ᠬᠠᠰᠢᠭ ᠲᠤᠤᠬᠠᠨ ᠰᠢᠷᠭᠠᠯ ᠭᠡᠳᠡᠭ ᠮᠣᠷᠢᠨ ᠳ᠋ᠤ᠌ 
 ᠮᠣᠷᠳᠠᠭᠤᠯᠤᠭᠠᠳ ( ᠶᠠᠪᠤᠭᠤᠯᠤᠭᠠᠳ )   ᠣᠷᠬᠢᠪᠠ ᠭᠡᠨ᠎ᠡ᠃ 
 ᠠᠳᠤᠭᠤᠴᠢᠨ ᠠᠭ ᠰᠠᠬᠠᠯ ᠡᠪᠦᠭᠡᠨ 
 ᠨᠠᠶᠠᠨ ᠨᠠᠢ᠍ᠮᠠᠨ ᠠᠯᠲᠠ ᠴᠠᠯᠮ᠎ᠠ ᠪᠠᠨ 
 ᠡᠪᠬᠡᠵᠦ ᠡᠭᠦᠷᠦᠭᠡᠳ ᠮᠣᠷᠳᠠᠭᠠᠳ ᠭᠠᠷᠪᠠ ᠭᠡᠨ᠎ᠡ ᠃ 
 ᠬᠠᠩᠭᠠᠢ ᠶ᠋ᠢ ᠬᠣᠷᠢᠨ ᠭᠤᠷᠪᠠ  ᠡᠷᠭᠢᠪᠡ ᠭᠡᠨ᠎ᠡ  
 ᠶᠠᠭᠤ ᠶᠤᠮ ( ᠴᠤ᠌ ) ᠡᠯᠡ ( ᠡᠰᠡ )  ᠬᠠᠷᠠᠭᠳᠠᠪᠠ ᠭᠡᠨ᠎ᠡ 
 ᠠᠯᠲᠠᠢ ᠶ᠋ᠢ ᠠᠷᠪᠠᠨ ᠭᠤᠷᠪᠠ ᠡᠷᠭᠢᠪᠡ ᠭᠡᠨ᠎ᠡ
 ᠶᠠᠭᠤ ᠶᠤᠮ ( ᠴᠤ᠌ ) ᠡᠯᠡ ( ᠡᠰᠡ )  ᠬᠠᠷᠠᠭᠳᠠᠪᠠ ᠭᠡᠨ᠎ᠡ᠃ 
 ᠲᠡᠭᠡᠵᠢᠨ ( ᠲᠡᠭᠡᠵᠦ ) ᠪᠠᠢᠲᠠᠯ᠎ᠠ 
 ᠬᠠᠢᠷ ᠳᠠᠯᠠᠢ ᠶ᠋ᠢᠨ ᠬᠥᠪᠡᠭᠡᠨ ᠳ᠋ᠦ᠍ 
 ᠵᠡᠭᠦᠨ ᠴᠢᠬᠢ ᠪᠡᠨ ᠳᠡᠪᠢᠰᠬᠢᠭᠡᠳ  
 ᠪᠠᠷᠠᠭᠤᠨ ᠬᠥᠯ ᠢ᠋ᠶ᠋ᠡᠨ ᠰᠣᠢᠭᠠᠳ * 
 ᠪᠠᠷᠠᠭᠤᠨ ᠴᠢᠬᠢ ᠪᠡᠨ ᠳᠡᠪᠢᠰᠬᠢᠭᠡᠳ 
 ᠵᠡᠭᠦᠨ ᠬᠥᠯ ᠢ᠋ᠶ᠋ᠡᠨ ᠰᠣᠢᠭᠠᠳ *  
 ᠦᠷᠭᠡᠯᠡᠵᠦ ᠨᠣᠢᠷᠮᠤᠭᠯᠠᠨ ᠵᠣᠭᠰᠤᠵᠢᠨ ( ᠵᠣᠭᠰᠣᠵᠤ ) ᠪᠠᠢᠪᠠ ᠭᠡᠨ᠎ᠡ᠃ 
 ᠲᠡᠭᠡᠬᠦ ᠳ᠋ᠦ᠍ ᠠᠳᠤᠭᠤᠴᠢᠨ ᠠᠭ ᠰᠠᠬᠠᠯ ᠡᠪᠦᠭᠡᠨ 
 ᠨᠠᠶᠠᠨ ᠨᠠᠢ᠍ᠮᠠᠨ ᠠᠯᠲᠠ ᠴᠠᠯᠮ᠎ᠠ ᠪᠠᠨ 
 ᠨᠠᠶᠠᠨ ᠠᠯᠲᠠ ᠶ᠋ᠢ ᠨᠢ ᠡᠪᠬᠡᠵᠢᠨ ( ᠡᠪᠬᠡᠵᠦ ) ᠪᠠᠷᠢᠭᠠᠳ 
 ᠨᠠᠢ᠍ᠮᠠᠨ ᠠᠯᠲᠠ ᠶ᠋ᠢ ᠨᠢ ᠴᠢᠷᠦᠭᠡᠳ 
 ᠠᠷᠤ ᠠ᠋ᠴᠠ ᠨᠢ ᠭᠡᠲᠡᠵᠦᠨ ( ᠭᠡᠲᠡᠵᠦ )  ᠬᠦᠷᠪᠡ ᠭᠡᠨ᠎ᠡ 
 ᠨᠠᠭᠠᠴᠤ ᠶ᠋ᠢᠨ ᠴᠢᠨᠢ ᠠᠮᠠᠨ ᠬᠦᠵᠦᠭᠦᠨ ᠳᠤᠮᠳᠠ ᠭᠡᠵᠦ 
 ᠰᠢᠪᠰᠢᠵᠢᠨ( ᠰᠢᠪᠰᠢᠵᠦ ) ᠨᠢᠭᠡ ᠴᠠᠯᠮᠠᠳᠠᠭᠠᠳ * ᠣᠷᠬᠢᠪᠠ ᠭᠡᠨ᠎ᠡ ᠃ 
 ᠠᠮᠠᠨ ᠬᠦᠵᠦᠭᠦᠯᠡᠨ ( ᠬᠦᠵᠦᠭᠦᠦ ᠪᠡᠷ ᠨᠢ ) ᠰᠠᠭᠤᠭᠠᠳ ( ᠲᠣᠰᠤᠭᠠᠳ )  ᠣᠷᠬᠢᠪᠠ ᠭᠡᠨ᠎ᠡ 
 ᠲᠡᠭᠷᠢ ᠶ᠋ᠢᠨ ᠡᠦᠲᠦ ᠲᠣᠭᠠᠯᠠᠨ ᠪᠤᠯᠭᠢᠪᠠ ᠭᠡᠨ᠎ᠡ  
 ᠲᠡᠭᠰᠢ ᠰᠠᠢᠨ ᠳ᠋ᠤ᠌ ᠪᠠᠨ ᠡᠰᠡ ᠲᠠᠯᠪᠢᠪᠠ ᠭᠡᠨ᠎ᠡ  
 ᠭᠠᠵᠠᠷ ᠤ᠋ᠨ ᠦᠨᠳᠦᠰᠦ ᠲᠣᠭᠠᠯᠠᠨ ᠪᠤᠯᠭᠢᠪᠠ ᠭᠡᠨ᠎ᠡ 
 ᠭᠠᠪᠰᠢᠭᠤᠨ ᠰᠠᠢᠨ ᠳ᠋ᠤ᠌ ᠪᠠᠨ ᠡᠰᠡ ᠲᠠᠯᠪᠢᠪᠠ ᠭᠡᠨ᠎ᠡ᠃ 
 ᠠᠪᠤᠭᠠᠳ ᠬᠦᠷᠦᠭᠡᠳ ᠢᠷᠡᠪᠡ ᠭᠡᠨ᠎ᠡ᠃    
 ᠬᠠᠵᠢ ᠮᠥᠩᠭᠥᠨ ᠬᠠᠵᠠᠭᠠᠷ ᠢ᠋ ᠨᠢ 
 ᠬᠠᠰ ᠡᠷᠳᠡᠨᠢ ᠶ᠋ᠢᠨ ᠰᠢᠲᠦᠨ ᠳ᠋ᠦ᠍ ᠨᠢ 
 ᠬᠠᠮᠰᠤᠭᠤᠯᠵᠤ ᠢᠷᠡᠨ ᠬᠠᠵᠠᠭᠠᠷᠯᠠᠭᠠᠳ ᠣᠷᠬᠢᠪᠠ ᠭᠡᠨ᠎ᠡ  
 ᠰᠢᠯ ᠮᠥᠩᠭᠥᠨ ᠰᠢᠨᠵᠢᠷᠡᠭᠡ ᠶ᠋ᠢ ᠨᠢ 
 ᠰᠢᠯᠢ ᠶ᠋ᠢᠨ ᠭᠡᠭᠡ ᠶ᠋ᠢ ᠨᠢ ᠳᠠᠬᠠᠭᠤᠯᠵᠤ ( ᠳᠠᠭᠠᠭᠤᠯᠵᠤ  ) 
 ᠰᠢᠨᠵᠢᠷᠡᠭᠡᠯᠡᠭᠡᠳ ᠣᠷᠬᠢᠪᠠ ᠭᠡᠨ᠎ᠡ᠃ 
 ᠬᠥᠲᠥᠯ ᠦ᠋ᠨ ᠴᠢᠨᠡᠭᠡᠨ 
 ᠬᠥᠬᠡ ᠮᠥᠩᠭᠥᠨ ᠡᠮᠡᠭᠡᠯ ᠢ᠋ ᠨᠢ ᠲᠣᠬᠣᠪᠠ ᠭᠡᠨ᠎ᠡ 
 ᠬᠥᠳᠡᠭᠡ ᠶ᠋ᠢᠨ ᠴᠢᠨᠡᠭᠡᠨ 
 ᠬᠥᠬᠡ ᠮᠥᠩᠭᠥᠨ ᠬᠡᠪᠢᠰ ᠢ᠋ ᠨᠢ ᠳᠤᠬᠤᠪᠠ ᠭᠡᠨ᠎ᠡ᠃  
 ᠬᠣᠢᠷ᠎ᠠ ᠪᠠᠨ ᠭᠦᠶᠦᠵᠦ ( ᠠᠯᠬᠤᠵᠤ ) ᠬᠣᠨᠣᠵᠤ ᠥᠨᠵᠢᠵᠦ  
 ᠬᠤᠸ᠎ᠠ ᠠᠯᠲᠠᠨ ᠬᠤᠳᠠᠷᠭ᠎ᠠ ᠶ᠋ᠢ ᠨᠢ ᠬᠤᠳᠠᠷᠭᠠᠯᠠᠪᠠ ᠭᠡᠨ᠎ᠡ 
 ᠡᠮᠦᠷ᠎ᠡ ( ᠤᠷᠤᠭᠰᠢ ) ᠪᠠᠨ ᠭᠦᠶᠦᠵᠦ ( ᠠᠯᠬᠤᠵᠤ ) ᠥᠨᠵᠢᠵᠦ ᠬᠣᠨᠣᠵᠤ  
 ᠬᠦᠵᠢ ᠮᠥᠩᠭᠥᠨ ᠬᠥᠮᠥᠯᠳᠥᠷᠭᠡ ᠶ᠋ᠢ ᠨᠢ ᠬᠥᠮᠥᠯᠳᠥᠷᠭᠡᠯᠡᠪᠡ ᠭᠡᠨ᠎ᠡ  
 ᠲᠡᠭᠡᠵᠢᠨ ( ᠲᠡᠭᠡᠵᠦ ) ᠠᠪᠤᠭᠠᠳ ᠵᠢᠷᠢᠵᠢᠮᠡᠯ ᠴᠣᠬᠣᠷ ᠣᠯᠣᠩ ᠢ᠋ ᠨᠢ 
 ᠵᠢᠷᠠᠨ ᠬᠠᠪᠢᠰᠤᠨ ᠤ᠋ ᠲᠠᠯ᠎ᠠ ᠳᠤᠮᠳᠠᠭᠤᠷ 
 ᠵᠢᠷ ᠲᠤᠰᠲᠠᠯ᠎ᠠ ᠲᠠᠲᠠᠭᠠᠳ ᠣᠷᠬᠢᠪᠠ ᠭᠡᠨ᠎ᠡ ᠃
 ᠲᠡᠭᠡᠭᠡᠳ ᠬᠦᠷᠦᠭᠡᠳ ᠢᠷᠡᠪᠡ ᠭᠡᠨ᠎ᠡ᠃  
 ᠲᠡᠭᠡᠬᠦ ᠳ᠋ᠦ᠍ ᠪᠠᠷᠠᠭᠤᠨ ᠥᠭᠡᠳᠡ ᠨᠢ ᠰᠠᠭᠤᠭᠰᠠᠨ 
 ᠪᠠᠷᠠᠭ ᠪᠣᠯᠤᠭᠰᠠᠨ ᠵᠠᠢᠰᠠᠩ ᠤ᠋ᠳ ᠨᠢ 
 ᠪᠠᠷᠠᠭᠤᠨ ᠪᠠᠷᠠᠭ᠎ᠠ * ᠶ᠋ᠢ ᠨᠢ ᠠᠭᠤᠳᠠᠯᠪᠠ * ᠭᠡᠨ᠎ᠡ 
 ᠴᠠᠰᠤᠨ ᠠ᠋ᠴᠠ ᠴᠠᠭᠠᠨ ᠴᠠᠭᠠᠰᠤᠨ ᠠ᠋ᠴᠠ ᠨᠢᠮᠭᠡᠨ 
 ᠴᠠᠷᠠᠭ ᠤ᠋ᠨ ᠴᠠᠭᠠᠨ ᠳᠤᠭᠤᠯᠠᠭ᠎ᠠ ᠶ᠋ᠢ ᠨᠢ  
 ᠨᠠᠪᠵᠠᠯᠠᠭᠤᠯᠤᠭᠠᠳ ( ᠡᠮᠦᠰᠬᠡᠭᠡᠳ ) ᠣᠷᠬᠢᠪᠠ ᠭᠡᠨ᠎ᠡ᠃ 
 ᠵᠡᠭᠦᠨ ᠥᠭᠡᠳᠡ ᠰᠠᠭᠤᠭᠰᠠᠨ ᠵᠦᠷᠡᠭ ᠪᠣᠯᠤᠭᠰᠠᠨ ᠵᠠᠢᠰᠠᠩ ᠤ᠋ᠳ ᠨᠢ 
 ᠵᠡᠭᠦᠨ ᠪᠠᠷᠠᠭ᠎ᠠ * ᠶ᠋ᠢ ᠨᠢ ᠠᠭᠤᠳᠠᠯᠪᠠ * ᠭᠡᠨ᠎ᠡ 
 ᠦᠢ ᠲᠦᠮᠡᠨ ᠲᠣᠪᠴᠢᠲᠤ ᠦᠬᠡᠷ ᠬᠦ ᠬᠤᠶᠠᠭ ᠢ᠋ ᠨᠢ  
 ᠨᠠᠪᠵᠠᠯᠠᠭᠤᠯᠤᠭᠠᠳ ( ᠡᠮᠦᠰᠬᠡᠭᠡᠳ ) ᠣᠷᠬᠢᠪᠠ ᠭᠡᠨ᠎ᠡ ᠃ 
 ᠨᠠᠢ᠍ᠮᠠᠨ ᠬᠥᠮᠦᠨ ᠳᠠᠮᠵᠢᠯᠠᠵᠤ ᠲᠠᠯᠪᠢᠳᠠᠭ  
 ᠨᠠᠶᠠᠨ ᠬᠥᠮᠦᠨ ᠳᠠᠮᠵᠢᠯᠠᠵᠤ ᠡᠷᠭᠦᠳᠡᠭ  
 ᠲᠠᠯᠠᠭᠠᠷ ᠴᠠᠭᠠᠨ ᠱᠠᠭᠠᠵᠠᠩ ᠢ᠋ᠶ᠋ᠠᠷ 
 ᠠᠷᠠᠵᠠ ᠶ᠋ᠢᠨ ᠠᠷᠪᠠᠨ ᠱᠣᠣ ᠠᠮᠲᠠᠲᠤ  
 ᠬᠣᠣᠷᠠᠵᠠ ᠶ᠋ᠢᠨ ᠬᠣᠷᠢᠨ ᠱᠣᠣ ᠳᠣᠮᠪᠣᠲᠤ (ᠳᠣᠮᠪᠣ ᠲᠠᠢ ) ᠶ᠋ᠢ  
 ᠬᠠᠨ ᠴᠡᠩᠭᠡᠯ ᠬᠥᠪᠡᠭᠦᠨ ᠳᠠᠪ ᠭᠡᠬᠦ ( ᠭᠱᠠᠨ ) ᠵᠠᠭᠤᠷ᠎ᠠ  
 ᠳᠠᠯᠠᠨ ᠨᠢᠭᠡ ᠵᠣᠭᠣᠭᠯᠠᠭᠠᠳ ᠣᠷᠬᠢᠪᠠ ᠭᠡᠨ᠎ᠡ ᠃ 
 ᠲᠡᠭᠡᠬᠦ ᠳ᠋ᠦ᠍ ᠬᠠᠨ ᠴᠡᠩᠭᠡᠯ ᠬᠥᠪᠡᠭᠦᠨ  
 ᠨᠢᠭᠡ ᠪᠠᠭᠠᠬᠠᠨ ( ᠵᠢᠭᠠᠬᠠᠨ )  ᠰᠣᠭᠲᠣᠬᠤ ᠶ᠋ᠢᠨ 
 ᠳᠦᠷᠢ ( ᠪᠠᠢᠳᠠᠯ )  ᠪᠠᠷᠢᠭᠠᠳ ( ᠭᠠᠷᠤᠭᠠᠳ ) ᠢᠷᠡᠪᠡ ᠭᠡᠨ᠎ᠡ 
 ᠪᠤᠬ᠎ᠠ ᠶ᠋ᠢᠨ ᠮᠠᠩᠨᠠᠢ ᠰᠢᠩᠭᠢ ( ᠮᠡᠲᠦ ) ᠮᠠᠩᠨᠠᠢ ᠨᠢ 
 ᠪᠠᠭᠤᠭᠳᠠᠭᠠᠳ ᠢᠷᠡᠪᠡ ᠭᠡᠨ᠎ᠡ  
 ᠪᠤᠤᠷ᠎ᠠ ᠶ᠋ᠢᠨ ᠰᠣᠶᠣᠭ᠎ᠠ ᠰᠢᠩᠭᠢ ( ᠮᠡᠲᠦ ) ᠰᠣᠶᠣᠭ᠎ᠠ ᠨᠢ 
 ᠢᠷᠠᠯᠵᠠᠭᠠᠳ ᠢᠷᠡᠪᠡ ᠭᠡᠨ᠎ᠡ  
 ᠮᠢᠩᠭᠠᠨ ᠬᠥᠮᠦᠨ ᠦ᠌ ᠰᠦᠷ ᠳᠠᠷᠤᠳᠠᠭ  
 ᠮᠢᠬᠠᠨ ᠤᠯᠠᠭᠠᠨ ᠴᠢᠷᠠᠢ ᠨᠢ ᠭᠠᠷᠤᠭᠠᠳ ᠢᠷᠡᠪᠡ ᠭᠡᠨ᠎ᠡ  
 ᠲᠦᠮᠡᠨ ᠬᠥᠮᠦᠨ ᠦ᠌ ᠰᠦᠷ ᠳᠠᠷᠤᠳᠠᠭ  
 ᠲᠦᠭᠦᠬᠡᠢ ᠤᠯᠠᠭᠠᠨ ᠴᠢᠷᠠᠢ ᠨᠢ ᠭᠠᠷᠤᠭᠠᠳ ᠢᠷᠡᠪᠡ ᠭᠡᠨ᠎ᠡ᠃ 
 ᠭᠤᠨᠠᠲᠤ ᠶ᠋ᠢᠨ ᠢ᠋ᠶ᠋ᠡᠨ ᠤᠯᠠᠭᠠᠨ ᠵᠢᠳᠠ ᠶ᠋ᠢ 
 ᠭᠤᠯᠵᠠᠢᠲᠠᠯ᠎ᠠ ᠲᠤᠯᠤᠭᠠᠳ ᠢᠷᠡᠭᠰᠡᠨ ᠪᠠᠢᠪᠠ ᠭᠡᠨ᠎ᠡ᠃  
 ᠲᠡᠭᠡᠬᠦ ᠳ᠋ᠦ᠍ ᠬᠠᠲᠤᠨ ᠪᠤᠭᠤᠷᠤᠯ ᠡᠬᠡ ᠨᠢ ᠨᠢᠭᠡᠨ ᠠᠢᠯᠠᠳᠪᠠ ᠭᠡᠨ᠎ᠡ 
 《 ᠬᠥᠪᠡᠭᠦᠨ ᠮᠢᠨᠢ ᠂ ᠬᠥᠪᠡᠭᠦᠨ ᠮᠢᠨᠢ ! 
 ᠬᠥᠪᠡᠭᠦᠨ ᠮᠢᠨᠢ ᠠᠶᠠᠷ ( ᠬᠣᠵᠢᠮ ) ᠪᠠᠭᠤᠬᠤ ( ᠢᠷᠡᠬᠦ ) ᠴᠠᠭ ᠲᠤ᠌ 
 ᠡᠬᠡ ᠠᠪᠤ ᠬᠣᠶᠠᠷ ᠴᠢᠨᠢ ᠠᠮᠢᠳᠤ ᠪᠠᠢᠬᠤ ᠪᠢᠯᠡ ᠤᠤ ? ᠦᠭᠡᠢ ᠪᠢᠯᠡ ᠤᠤ? 》 ᠭᠡᠵᠦ 
 ᠮᠥᠷᠰᠦᠨ ᠬᠠᠷ᠎ᠠ ᠴᠡᠴᠡᠭᠡᠢ ᠡᠴᠡ ᠨᠢ ᠮᠥᠨᠳᠥᠷ ᠰᠢᠩᠭᠢ ( ᠰᠢᠭ ) 
 ᠨᠢᠯᠪᠤᠰᠤᠨ ᠠᠰᠬᠠᠷᠠᠭᠠᠳ ᠢᠷᠡᠪᠡ ᠭᠡᠨ᠎ᠡ᠃ 
 ᠲᠡᠭᠡᠬᠦ ᠳ᠋ᠦ᠍ ᠬᠠᠨ ᠪᠤᠭᠤᠷᠤᠯ ᠠᠪᠤ ᠨᠢ ᠨᠢᠭᠡᠨ ᠠᠢᠯᠠᠳᠪᠠ ᠭᠡᠨ᠎ᠡ  
 《 ᠬᠥᠪᠡᠭᠦᠨ ᠮᠢᠨᠢ ᠂ ᠬᠥᠪᠡᠭᠦᠨ ᠮᠢᠨᠢ ! 
 ᠬᠥᠪᠡᠭᠦᠨ ᠮᠢᠨᠢ ᠠᠶᠠᠷ ( ᠬᠣᠵᠢᠮ )  ᠪᠠᠭᠤᠬᠤ ( ᠢᠷᠡᠬᠦ ) ᠴᠠᠭ ᠲᠤ᠌ 
 ᠡᠬᠡ ᠠᠪᠤ ᠬᠣᠶᠠᠷ ᠴᠢᠨᠢ  ᠠᠮᠢᠳᠤ ᠪᠠᠢᠬᠤ ᠪᠢᠯᠡ ᠤᠤ ? ᠦᠭᠡᠢ ᠪᠢᠯᠡ ᠤᠤ? 》 ᠭᠡᠵᠦ 
 ᠮᠥᠷᠰᠦᠨ ᠬᠠᠷ᠎ᠠ ᠴᠡᠴᠡᠭᠡᠢ ᠡᠴᠡ ᠨᠢ ᠮᠥᠨᠳᠥᠷ ᠰᠢᠩᠭᠢ ( ᠰᠢᠭ ) 
 ᠨᠢᠯᠪᠤᠰᠤᠨ ᠠᠰᠬᠠᠷᠠᠭᠠᠳ ᠢᠷᠡᠪᠡ ᠭᠡᠨ᠎ᠡ᠃   
 ᠬᠤᠨᠴᠢᠨ( ᠬᠤᠨ ) ᠰᠢᠩᠭᠢ ( ᠰᠢᠭ ) 
 ᠳᠠᠭᠤ ᠳᠠᠭᠤ ᠪᠠᠨ ᠨᠡᠢᠯᠡᠭᠦᠯᠦᠭᠡᠳ ᠢᠷᠡᠪᠡ ᠭᠡᠨ᠎ᠡ   
 ᠬᠤᠯᠠᠨ ᠵᠢᠩᠬᠢᠯᠲᠡᠢ ᠰᠢᠩᠭᠢ ( ᠰᠢᠭ ) 
 ᠵᠢᠰᠦ ᠵᠢᠰᠦ ᠪᠡᠨ ᠨᠡᠢᠯᠡᠭᠦᠯᠦᠭᠡᠳ ᠢᠷᠡᠪᠡ ᠭᠡᠨ᠎ᠡ᠃ 
 ᠲᠡᠭᠡᠬᠦ ᠳ᠋ᠦ᠍ ᠬᠠᠨ ᠴᠡᠩᠭᠡᠯ ᠨᠢᠭᠡ ᠪᠠᠭᠠᠬᠠᠨ ( ᠵᠢᠭᠠᠬᠠᠨ ) ᠮᠣᠷᠳᠠᠬᠤ ᠶ᠋ᠢᠨ 
 ᠳᠦᠷᠢ ( ᠪᠠᠢᠳᠠᠯ )  ᠪᠠᠷᠢᠭᠠᠳ ( ᠭᠠᠷᠤᠭᠠᠳ ) ᠢᠷᠡᠪᠡ ᠭᠡᠨ᠎ᠡ᠃  
 ᠪᠠᠷᠠᠭᠤᠨ ᠥᠭᠡᠳᠡ ᠨᠢ ᠰᠠᠭᠤᠭᠰᠠᠨ 
 ᠪᠠᠷᠠᠭ ᠪᠣᠯᠤᠭᠰᠠᠨ ᠵᠠᠢᠰᠠᠩ ᠤ᠋ᠳ ᠨᠢ 
 ᠪᠠᠷᠠᠭᠤᠨ ᠮᠣᠳᠣᠷ ᠢ᠋ ᠨᠢ ᠲᠦᠰᠢᠪᠡ ᠭᠡᠨ᠎ᠡ  
 ᠵᠡᠭᠦᠨ ᠥᠭᠡᠳᠡ ᠰᠠᠭᠤᠭᠰᠠᠨ ᠵᠦᠷᠡᠭ ᠪᠣᠯᠤᠭᠰᠠᠨ ᠵᠠᠢᠰᠠᠩ ᠤ᠋ᠳ ᠨᠢ 
 ᠵᠡᠭᠦᠨ ᠮᠣᠳᠣᠷ ᠢ᠋ ᠨᠢ ᠲᠦᠰᠢᠪᠡ ᠭᠡᠨ᠎ᠡ ᠃  
 ᠬᠦᠷᠡᠯ ᠦ᠋ᠨ ᠮᠥᠩᠭᠥᠨ ᠳᠥᠷᠥᠭᠡ ᠪᠡᠨ ᠳᠥᠷᠥᠭᠡᠯᠡᠵᠦ 
 ᠬᠦᠨᠳᠦ ᠰᠠᠢᠬᠠᠨ ᠰᠠᠭᠤᠳᠠᠯ ᠢ᠋ᠶ᠋ᠠᠷ ᠢ᠋ᠶ᠋ᠠᠨ  
 ᠨᠢᠭᠡᠨ ᠰᠠᠭᠤᠵᠢᠨ ( ᠰᠠᠭᠤᠵᠤ ) ᠠᠪᠤᠪᠠ ᠭᠡᠨ᠎ᠡ ᠃ 
 ᠶᠡᠷᠡᠨ ᠲᠡᠭᠡ ᠶ᠋ᠢᠨ ᠡᠪᠡᠷ ᠢ᠋  
 ᠶᠠᠷᠳᠠᠵᠤ ( ᠳᠠᠪᠲᠠᠵᠤ ) ᠶᠠᠰᠠᠭᠰᠠᠨ( ᠵᠠᠰᠠᠭᠰᠠᠨ ) 
 ᠶᠠᠷᠳᠠᠮᠠᠯ ᠰᠢᠷ᠎ᠠ ᠰᠠᠭᠠᠳᠠᠭ ᠢ᠋ᠶ᠋ᠠᠨ 
 ᠠᠭᠰᠠᠭᠠᠳ ( ᠵᠡᠭᠦᠭᠡᠳ ) ᠣᠷᠬᠢᠭᠰᠠᠨ ᠪᠠᠢᠪᠠ ᠭᠡᠨ᠎ᠡ  
 ᠠᠷᠪᠠᠨ ᠳᠠᠪᠠᠭ᠎ᠠ ᠳᠠᠮᠵᠢᠨ ᠭᠦᠶᠦᠯᠭᠡᠵᠦ ( ᠳᠠᠪᠬᠢᠭᠤᠯᠵᠤ )  
 ᠠᠬᠢᠷ ᠰᠡᠮᠲᠡᠨ ᠡᠰᠢᠲᠦ ᠵᠢᠳᠠ ᠪᠠᠨ 
 ᠲᠠᠪᠰᠢᠭᠤᠷᠳᠠᠭᠠᠳ ( ᠬᠠᠪᠴᠢᠭᠤᠯᠤᠭᠠᠳ ) ᠣᠷᠬᠢᠪᠠ ᠭᠡᠨ᠎ᠡ  
 ᠼᠤᠤ ᠮᠠᠷᠰᠢᠯ ᠭᠡᠳᠡᠭ ᠰᠡᠯᠡᠮ᠎ᠡ ᠪᠡᠨ  
 ᠬᠠᠪᠴᠢᠭᠤᠯᠤᠭᠠᠳ ᠣᠷᠬᠢᠪᠠ ᠭᠡᠨ᠎ᠡ  
 ᠯᠠᠩᠴᠢᠨ ᠰᠠᠯᠠᠷᠠᠪᠲᠠᠨ * ᠭᠡᠳᠡᠭ ᠢᠯᠳᠦ ᠪᠡᠨ  
 ᠭᠤᠷᠪᠠ ᠪᠦᠰᠡᠯᠡᠪᠡ ᠭᠡᠨ᠎ᠡ ᠃ 
 ᠲᠡᠭᠡᠵᠢᠨ ( ᠲᠡᠭᠡᠵᠦ )  ᠠᠪᠤᠭᠠᠳ  
 ᠵᠡᠭᠦᠨ ᠭᠠᠷ ᠲᠤ᠌ ᠪᠠᠨ ᠪᠠᠯᠪᠢ ᠨᠢᠩᠮ᠎ᠠ ᠭᠡᠳᠡᠭ  
 ᠡᠷᠢᠭᠡ ᠪᠡᠨ ᠪᠠᠷᠢᠪᠠ ᠭᠡᠨ᠎ᠡ  
 ᠪᠠᠷᠠᠭᠤᠨ ᠭᠠᠷ ᠲᠤ᠌ ᠪᠠᠨ 
 ᠨᠠᠢ᠍ᠮᠠᠨ ᠴᠠᠷ ( ᠱᠠᠷ ) ᠤ᠋ᠨ ᠠᠷᠠᠰᠤᠨ ᠳᠣᠲᠣᠷ ᠲᠠᠢ    
 ᠨᠠᠶᠠᠨ ᠴᠠᠷ ( ᠱᠠᠷ ) ᠤ᠋ᠨ ᠠᠷᠠᠰᠤᠨ ᠭᠠᠳᠠᠷ ᠲᠠᠢ  
 ᠠᠢᠷᠢᠰᠤᠲᠤ ᠬᠠᠷ᠎ᠠ ᠲᠠᠪᠠᠷᠴᠠᠭ ᠮᠢᠯᠠᠭ᠎ᠠ ᠪᠠᠨ ᠪᠠᠷᠢᠪᠠ ᠭᠡᠨ᠎ᠡ᠃ 
 ᠲᠡᠭᠡᠵᠢᠨ ( ᠲᠡᠭᠡᠵᠦ ) ᠠᠪᠤᠭᠠᠳ 
 ᠪᠠᠷᠠᠭᠤᠨ ᠠᠭᠤᠯᠠ ᠶ᠋ᠢᠨ ᠪᠠᠯ ᠢ 
 ᠪᠠᠷᠢᠨ ᠲᠠᠪᠠᠯᠭᠠᠭᠠᠳ  * ᠣᠷᠬᠢᠭᠰᠠᠨ(  ᠶᠠᠪᠤᠭᠰᠠᠨ )  ᠪᠠᠢᠪᠠ ᠭᠡᠨ᠎ᠡ ᠃  
 ᠨᠠᠷᠢᠨ ᠡᠪᠡᠰᠦᠨ ᠦ᠌ ᠲᠣᠯᠣᠭᠠᠢ  
 ᠨᠠᠬᠢᠯᠵᠠᠭᠤᠯᠤᠨ ᠲᠠᠪᠠᠯᠭᠠᠭᠠᠳ * ᠪᠠᠢᠪᠠ ᠭᠡᠨ᠎ᠡ  
 ᠪᠦᠳᠦᠭᠦᠨ ᠡᠪᠡᠰᠦᠨ ᠦ᠌ ᠲᠣᠯᠣᠭᠠᠢ  
 ᠪᠥᠬᠦᠯᠵᠡᠭᠦᠯᠦᠨ ᠲᠠᠪᠠᠯᠭᠠᠭᠠᠳ * ᠪᠠᠢᠪᠠ ᠭᠡᠨ᠎ᠡ᠃  
 ᠴᠠᠰᠤᠨ ᠪᠣᠯᠬᠤᠯ᠎ᠠ ᠨᠢ ᠡᠪᠦᠯ ᠪᠣᠯᠵᠤ ᠪᠣᠢ ᠪᠠᠢᠨ᠎ᠠ  
 ᠬᠤᠷ᠎ᠠ ᠪᠣᠯᠬᠤᠯ᠎ᠠ ᠨᠢ ᠵᠤᠨ ᠪᠣᠯᠵᠤ ᠪᠣᠢ ᠪᠠᠢᠨ᠎ᠠ ᠭᠡᠵᠦ ᠪᠣᠳᠣᠭᠠᠳ 
 ᠲᠠᠪᠠᠯᠭᠠᠭᠠᠳ * ᠪᠠᠢᠪᠠ ᠭᠡᠨ᠎ᠡ᠃ 

 ᠨᠢᠭᠡᠨ ᠡᠳᠦᠷ ᠵᠠᠭ ᠮᠣᠳᠣ ᠨᠠᠢᠭᠤᠯᠤᠭᠰᠠᠨ 
 ᠵᠠᠬ᠎ᠠ ᠶ᠋ᠢᠨ ᠬᠣᠨᠢᠴᠢᠨ ᠳ᠋ᠤ᠌ ᠬᠦᠷᠦᠭᠡᠳ ᠢᠷᠡᠪᠡ ᠭᠡᠨ᠎ᠡ  
 ᠨᠢᠭᠡᠨ ᠬᠥᠭᠰᠢᠨ ᠬᠥᠮᠦᠨ  
 ᠬᠣᠨᠢ ᠬᠠᠷᠢᠭᠤᠯᠵᠢᠨ( ᠬᠠᠷᠢᠭᠤᠯᠵᠤ )  ᠪᠠᠢᠪᠠ ᠭᠡᠨ᠎ᠡ ᠃ 
 《 ᠴᠢ ᠡᠨᠡ ᠨᠢᠭᠤᠷ ᠲᠤ᠌ ᠪᠠᠨ ᠭᠠᠯ ᠲᠠᠢ  
 ᠨᠢᠳᠦᠨ ᠳ᠋ᠦ᠍ ᠪᠡᠨ ᠴᠣᠭ ᠲᠠᠢ  
 ᠪᠣᠰᠢ ᠦᠭᠡᠢ (ᠣᠨᠴᠠ ) ᠬᠡᠴᠡᠭᠦᠦ ( ᠴᠢᠳᠠᠪᠤᠷᠢᠲᠠᠢ ) ᠬᠥᠪᠡᠭᠦᠨ ᠴᠢ 
 ᠬᠠᠮᠢᠭ᠎ᠠ ᠶᠠᠪᠤᠵᠢᠨ ( ᠶᠠᠪᠤᠵᠤ ) ᠪᠠᠢᠨ᠎ᠠ ?  
 ᠡᠵᠢ ᠠᠪᠤ ᠴᠢᠨᠢ ᠬᠡᠨ ᠭᠡᠳᠡᠭ ᠪᠣᠢ ?  
 ᠨᠤᠲᠤᠭ ᠤᠰᠤᠨ ᠴᠢᠨᠢ ᠬᠠᠮᠢᠭ᠎ᠠ ᠪᠣᠢ ? 》 ᠭᠡᠵᠦ ᠰᠤᠷᠠᠪᠠ ᠭᠡᠨ᠎ᠡ ᠃ 
 《 ᠠ᠂ ᠪᠢ ᠪᠣᠯᠬᠤᠯ᠎ᠠ ᠨᠢ  
 ᠪᠠᠷᠠᠭᠤᠨ ᠬᠣᠢᠲᠤ ᠵᠦᠭ ᠢ᠋  
 ᠪᠠᠷᠢᠨ ᠡᠵᠡᠯᠡᠨ ᠰᠠᠭᠤᠭᠰᠠᠨ  
 ᠪᠠᠶᠠᠨ ᠬᠦᠳᠡᠷ ᠠᠯᠲᠠᠢ ᠬᠠᠭᠠᠨ ᠤ᠋  
 ᠭᠠᠭᠴᠠ ᠲᠠᠢᠵᠢ ᠬᠠᠨ ᠴᠡᠩᠭᠡᠯ ᠬᠥᠪᠡᠭᠦᠨ ᠭᠡᠳᠡᠭ  
 ᠪᠢ ᠪᠠᠢᠨ᠎ᠠ ᠃ 
 ᠮᠠᠨ᠎ᠠ ᠠᠪᠤ ᠪᠠᠯᠮᠠᠭᠡᠷᠡᠯ ᠬᠠᠭᠠᠨ 
 ᠬᠣᠶᠠᠷ ᠪᠠᠲᠤᠲᠠᠢᠬᠠᠨ ᠭᠤᠷᠪᠠᠨ ᠦᠭᠡ  
 ᠬᠦᠦᠨᠢᠯᠳᠦᠬᠦ ( ᠶᠠᠷᠢᠯᠴᠠᠬᠤ ) ᠨᠢ  ᠬᠦᠦᠨᠢᠯᠳᠦᠭᠰᠡᠨ ᠭᠡᠨ᠎ᠡ  
 ᠨᠠᠷᠠᠨᠽᠠᠠᠳᠠᠨ ᠠᠪᠠᠬᠠᠢ ᠶ᠋ᠢ ᠵᠠᠯᠠᠬᠤ ᠪᠠᠷ 
 ᠰᠢᠢᠳᠬᠦ ᠨᠢ ᠰᠢᠢᠳᠦᠭᠰᠡᠨ ᠭᠡᠨ᠎ᠡ  
 ᠲᠡᠭᠡᠭᠡᠳ ᠪᠢ ᠶᠠᠪᠤᠵᠢᠨ ( ᠶᠠᠪᠤᠵᠤ ) ᠪᠠᠢᠨ᠎ᠠ 》 ᠭᠡᠵᠦ ᠬᠡᠯᠡᠪᠡ ᠭᠡᠨ᠎ᠡ ᠃ 
 《 ᠦ ! ᠲᠡᠭᠡᠭᠰᠡᠨ ᠬᠣᠢᠨ᠎ᠠ 
 ᠪᠢ ᠪᠠᠭ᠎ᠠ ᠵᠠᠯᠠᠭᠤ ᠪᠠᠯᠴᠢᠷ ᠨᠢᠯᠬ᠎ᠠ ᠪᠠᠢᠬᠤ ᠴᠠᠭ ᠲᠤ᠌ 
 ᠬᠥᠭᠰᠢᠨ ᠬᠥᠭᠰᠢᠨ ᠨᠠᠰᠤᠲᠠᠢ ᠬᠥᠮᠦᠨ ᠬᠡᠯᠡᠳᠡᠭ ᠪᠠᠢᠯ᠎ᠠ  
 ᠪᠠᠶᠠᠨ ᠬᠦᠳᠡᠷ ᠠᠯᠲᠠᠢ ᠬᠠᠭᠠᠨ ᠮᠠᠨ᠎ᠠ ᠨᠣᠶᠠᠨ ᠭᠡᠵᠦ  
 ᠨᠢᠭᠡ ᠰᠣᠨᠣᠰᠤᠭᠰᠠᠨ ᠶᠤᠮ  ᠪᠠᠢᠨ᠎ᠠ  
 ᠲᠡᠭᠡᠭᠡᠳ ᠴᠢ ᠮᠢᠨᠦ ᠨᠣᠶᠠᠨ ᠪᠠᠢᠵᠠᠢ ! 》 ᠭᠡᠵᠦ 
 ᠤᠬᠢᠯᠠᠭᠠᠳ ᠪᠠᠷᠬᠢᠷᠠᠭᠠᠳ ᠴᠢᠷᠦᠭᠦᠯᠳᠡᠭᠡᠳ ᠪᠠᠢᠪᠠ ᠭᠡᠨ᠎ᠡ ᠃  
 ᠲᠡᠨᠳᠡ ᠡᠴᠡ ᠨᠢ ᠴᠠᠭᠠᠷ᠎ᠠ ( ᠴᠠᠰᠢ ᠪᠠᠨ ) 
 ᠭᠦᠶᠦᠯᠭᠡᠭᠡᠳ ( ᠳᠠᠪᠬᠢᠭᠤᠯᠤᠭᠠᠳ ) ᠶᠠᠪᠤᠪᠠ ᠭᠡᠨ᠎ᠡ ᠃ 
 ᠴᠠᠰᠤᠨ ᠪᠣᠯᠬᠤᠯ᠎ᠠ ᠨᠢ ᠡᠪᠦᠯ ᠪᠣᠯᠵᠤ ᠪᠣᠢ ᠪᠠᠢᠨ᠎ᠠ  
 ᠬᠤᠷ᠎ᠠ ᠪᠣᠯᠬᠤᠯ᠎ᠠ ᠨᠢ ᠵᠤᠨ ᠪᠣᠯᠵᠤ ᠪᠣᠢ ᠪᠠᠢᠨ᠎ᠠ ᠭᠡᠵᠦ
 ᠪᠣᠳᠣᠭᠠᠳ ᠲᠠᠪᠠᠯᠭᠠᠭᠠᠳ * ᠪᠠᠢᠪᠠ ᠭᠡᠨ᠎ᠡ ᠃  
 ᠨᠢᠭᠡᠨ ᠡᠳᠦᠷ ᠪᠣᠯᠪᠠ ᠭᠡᠨ᠎ᠡ  
 ᠬᠦ ᠮᠥᠩᠬᠡ ᠶ᠋ᠢᠨ ᠰᠢᠯᠢ ᠶ᠋ᠢᠨ ᠣᠷᠣᠢ ᠳᠡᠭᠡᠷ᠎ᠡ  
 ᠭᠠᠷᠴᠢᠨ( ᠭᠠᠷᠴᠤ ) ᠢᠷᠡᠪᠡ ᠭᠡᠨ᠎ᠡ  
 ᠮᠥᠷᠰᠦᠨ ᠬᠠᠷ᠎ᠠ ᠴᠡᠴᠡᠭᠡᠢ ᠪᠡᠨ 
 ᠶᠠᠩᠵᠤ ᠳᠤᠷᠳᠤᠩ ᠭᠡᠳᠡᠭ ᠠᠯᠴᠢᠭᠤᠷ ᠢ᠋ᠶ᠋ᠠᠷ ᠢ᠋ᠶ᠋ᠠᠨ  
 ᠨᠢᠭᠡᠨ ᠠᠷᠴᠢᠵᠢᠨ( ᠠᠷᠴᠢᠵᠤ ) ᠢᠷᠡᠨ  
 ᠨᠢᠭᠡᠨ ᠬᠠᠷᠠᠰ ᠬᠠᠯᠢᠶᠠᠪᠠ ( ᠬᠠᠷᠠᠪᠠ ) ᠭᠡᠨ᠎ᠡ᠃ 
 ᠭᠤᠷᠪᠠᠨ ᠳᠣᠯᠣᠭ᠎ᠠ ᠬᠣᠷᠢᠨ ᠨᠢᠭᠡᠨ ᠬᠣᠨᠣᠭ ᠤ᠋ᠨ ᠭᠠᠵᠠᠷ ᠠ᠋ᠴᠠ 
 ᠨᠠᠭᠠᠷ᠎ᠠ ( ᠨᠡᠰᠢ ) ᠬᠠᠯᠢᠶᠠᠭᠠᠳ ( ᠬᠠᠷᠠᠭᠠᠳ ) ᠣᠷᠬᠢᠪᠠ ᠭᠡᠨ᠎ᠡ  
 ᠨᠢᠭᠡᠨ ᠰᠠᠢᠨ ᠠᠭᠲᠠ ᠶ᠋ᠢᠨ ᠴᠢᠬᠢᠨ 
 ᠰᠡᠷᠲᠡᠯᠵᠡᠭᠰᠡᠨ ᠰᠢᠩᠭᠢ ( ᠮᠡᠲᠦ ) ᠪᠣᠯᠪᠠ ᠭᠡᠨ᠎ᠡ  
 ᠨᠢᠭᠡᠨ ᠴᠠᠷᠠᠭ ᠤ᠋ᠨ ᠴᠠᠭᠠᠨ ᠳᠤᠭᠤᠯᠠᠭ᠎ᠠ ᠶ᠋ᠢᠨ ᠣᠷᠣᠢ 
 ᠴᠤᠬᠤᠢᠭᠰᠠᠨ ᠰᠢᠩᠭᠢ ( ᠮᠡᠲᠦ ) ᠪᠣᠯᠪᠠ ᠭᠡᠨ᠎ᠡ ᠃ 
 ᠲᠡᠨᠳᠡ ᠪᠡᠨ ᠪᠠᠭᠤᠨ ᠭᠦᠶᠦᠨ ᠰᠠᠭᠤᠭᠠᠳ ᠣᠷᠬᠢᠪᠠ ᠭᠡᠨ᠎ᠡ ᠃ 
 ᠨᠢᠭᠡ ᠳᠣᠯᠣᠭ᠎ᠠ ᠬᠣᠨᠣᠬᠤ ᠳ᠋ᠤ᠌ 
 ᠴᠢᠨᠴᠢᠨ ᠮᠢᠨᠴᠢᠨ ᠭᠡᠳᠡᠭ ᠬᠣᠶᠠᠷ ᠰᠢᠪᠠᠭᠤ ᠨᠢ  
 ᠰᠢᠭᠦᠷᠡᠴᠢᠨ ᠠᠯᠳᠠᠭᠠᠳ ᠰᠢᠭᠦᠷᠡᠴᠢᠨ ᠠᠯᠳᠠᠭᠠᠳ ( ᠰᠢᠭᠦᠷᠡᠭᠡᠳ ᠪᠠᠷᠢᠮᠠᠷ  ) 
 ᠭᠠᠷᠤᠭᠠᠳ ( ᠶᠠᠪᠤᠭᠠᠳ ) ᠣᠳᠪᠠ ᠭᠡᠨ᠎ᠡ  
 《 ᠡᠭᠦᠨ ᠦ᠌ ᠡᠨᠡ ᠲᠡᠵᠢᠭᠡᠭᠰᠡᠨ ᠰᠢᠪᠠᠭᠤᠨ ᠨᠢ 
 ᠡᠢᠮᠦ ᠬᠡᠴᠡᠭᠦᠦ ᠶᠦᠮ ᠪᠠᠢᠬᠤ ᠨᠢ  
 ᠨᠡᠷᠡᠲᠡᠢ ᠲᠥᠷᠥᠭᠰᠡᠨ ᠥᠪᠡᠷ ᠦ᠋ᠨ ᠪᠡᠶ᠎ᠡ ᠨᠢ  
 ᠶᠠᠮᠠᠷ ᠶᠤᠮ ᠪᠠᠢᠯᠲᠠᠢ * ᠪᠠᠢᠨ᠎ᠠ? 》 ᠭᠡᠵᠦ  
 ᠪᠣᠳᠣᠭᠠᠳ ᠰᠠᠭᠤᠪᠠ ᠭᠡᠨ᠎ᠡ ᠃ 
 ᠬᠣᠶᠠᠷ ᠳᠣᠯᠣᠭ᠎ᠠ ᠬᠣᠨᠣᠬᠤ ᠳ᠋ᠤ᠌  
 ᠪᠠᠰᠠᠷ ᠱᠣᠩᠬᠣᠷ ᠭᠡᠳᠡᠭ ᠬᠣᠶᠠᠷ ᠨᠣᠬᠠᠢ ᠨᠢ  
 ᠰᠢᠭᠦᠷᠡᠴᠢᠨ ᠠᠯᠳᠠᠭᠠᠳ ᠰᠢᠭᠦᠷᠡᠴᠢᠨ ᠠᠯᠳᠠᠭᠠᠳ (ᠰᠢᠭᠦᠷᠡᠭᠡᠳ ᠪᠠᠷᠢᠮᠠᠷ ) 
 ᠭᠠᠷᠤᠭᠠᠳ ᠣᠳᠪᠠ ᠭᠡᠨ᠎ᠡ ᠂  
 《 ᠡᠭᠦᠨ ᠦ᠌ ᠡᠨᠡ ᠲᠡᠵᠢᠭᠡᠭᠰᠡᠨ ᠨᠣᠬᠠᠢ ᠨᠢ  
 ᠡᠢᠮᠦ ᠬᠡᠴᠡᠭᠦᠦ ᠶᠦᠮ ᠪᠠᠢᠬᠤ ᠨᠢ  
 ᠨᠡᠷᠡᠲᠡᠢ ᠲᠥᠷᠥᠭᠰᠡᠨ ᠥᠪᠡᠷ ᠦ᠋ᠨ ᠪᠡᠶ᠎ᠡ ᠨᠢ  
 ᠶᠠᠮᠠᠷ ᠶᠤᠮ ᠪᠠᠢᠯᠲᠠᠢ * ᠪᠠᠢᠨ᠎ᠠ? 》 ᠭᠡᠵᠦ 
 ᠪᠣᠳᠣᠭᠠᠳ ᠰᠠᠭᠤᠪᠠ ᠭᠡᠨ᠎ᠡ ᠃  
 ᠭᠤᠷᠪᠠᠨ ᠳᠣᠯᠣᠭ᠎ᠠ ᠬᠣᠨᠣᠪᠠ ᠭᠡᠨ᠎ᠡ  
 ᠲᠡᠭᠡᠬᠦ ᠳ᠋ᠦ᠍ ᠨᠢᠭᠡᠨ ᠡᠳᠦᠷ ᠬᠠᠵᠠᠭᠤ ᠪᠠᠷ ᠨᠢ 
 ᠬᠠᠷ᠎ᠠ ᠪᠠᠲᠠᠭᠠᠨ᠎ᠠ ᠶ᠋ᠢᠨ ᠴᠠᠭ ᠪᠣᠳᠣᠯ ᠦᠭᠡᠢ ᠪᠡᠷ * 
 ᠲᠠᠪᠠᠯᠭᠠᠭᠠᠳ * ᠭᠠᠷᠴᠤ ᠪᠠᠢᠪᠠ ᠭᠡᠨ᠎ᠡ᠃  
 ᠮᠣᠷᠳᠠᠭᠠᠳ ᠭᠦᠶᠦᠯᠭᠡᠭᠡᠳ ( ᠳᠠᠪᠬᠢᠭᠤᠯᠤᠭᠠᠳ )  ᠬᠦᠷᠪᠡ ᠭᠡᠨ᠎ᠡ᠃  
 《 ᠠᠬ᠎ᠠ ᠮᠢᠨᠢ ! ᠠᠬ᠎ᠠ ᠮᠢᠨᠢ ! ᠠᠮᠤᠷ ᠰᠠᠢᠬᠠᠨ! 
 ᠨᠤᠲᠤᠭ ᠪᠠᠭᠤᠷᠢ ᠲᠠᠨᠢ ᠬᠠᠮᠢᠭ᠎ᠠ ᠪᠣᠢ ?  
 ᠡᠵᠡᠨ ᠨᠣᠶᠠᠨ ᠲᠠᠨᠢ ᠬᠡᠨ ᠪᠣᠢ? 》 ᠭᠡᠵᠦ ᠰᠤᠷᠠᠪᠠ ᠭᠡᠨ᠎ᠡ ᠃  
 ᠲᠡᠭᠡᠬᠦ ᠳ᠋ᠦ᠍  《 ᠦ! ᠴᠢ ᠶᠠᠭᠤᠨ ᠲᠥᠷᠥᠬᠦ ᠪᠡᠷ 
 ᠡᠷᠭᠢᠭᠦᠦ ᠲᠥᠷᠥᠭᠰᠡᠨ ᠬᠥᠪᠡᠭᠦᠨ ᠪᠣᠢ? 
 ᠦ ! ᠴᠢ ᠶᠠᠭᠤᠨ ᠪᠡᠶ᠎ᠡ ᠡᠴᠡ ᠪᠡᠨ ᠭᠠᠵᠠᠭ᠎ᠠ ( ᠭᠠᠳᠠᠨ᠎ᠠ )
  ᠶᠡᠬᠡ ᠠᠮᠠ ᠲᠠᠢ ( ᠣᠮᠣᠷᠬᠠᠭ ᠪᠠᠷᠳᠠᠮ )  ᠬᠥᠪᠡᠭᠦᠨ ᠪᠣᠢ? 》 ᠭᠡᠵᠦ ᠬᠡᠯᠡᠭᠡᠳ  
 ᠴᠠᠷᠠᠭ ᠤ᠋ᠨ ᠬᠢᠨᠢ ᠴᠠᠭᠠᠨ ᠳᠤᠭᠤᠯᠠᠭ᠎ᠠ ᠳᠤᠮᠳᠠᠭᠤᠷ ᠨᠢ  
 ᠠᠢᠷᠢᠰᠣᠲᠣ ᠬᠠᠷ᠎ᠠ ᠲᠠᠪᠠᠷᠴᠠᠭ ᠮᠢᠯᠠᠭ᠎ᠠ ᠪᠠᠷ ᠢ᠋ᠶ᠋ᠠᠨ  
 ᠨᠢᠭᠡᠨ ᠲᠠᠲᠠᠵᠢᠨ ( ᠲᠠᠰᠢᠭᠤᠷᠳᠠᠨ ) ᠣᠷᠬᠢᠭᠠᠳ 
 ᠲᠠᠪᠠᠯᠭᠠᠭᠠᠳ * ᠶᠠᠪᠤᠭᠠᠳ ᠣᠳᠪᠠ ᠭᠡᠨ᠎ᠡ᠃  
 ᠠᠷᠤ ᠠ᠋ᠴᠠ ᠨᠢ ᠳᠠᠪᠢᠷᠠᠭᠤᠯᠤᠨ ( ᠨᠡᠬᠡᠨ )  ᠬᠦᠷᠪᠡ ᠭᠡᠨ᠎ᠡ  
 《 ᠠᠬ᠎ᠠ ᠮᠢᠨᠢ ! ᠠᠬ᠎ᠠ ᠮᠢᠨᠢ !  
 ᠡᠦᠲᠦ ᠮᠢᠨᠦ ᠰᠡᠯᠡᠭᠡᠨ( ᠡᠭᠡᠯᠵᠢ )  ᠪᠢᠵᠡ ? 》 ᠭᠡᠵᠦ ᠬᠡᠯᠡᠪᠡ ᠭᠡᠨ᠎ᠡ ᠃ 
  《 ᠲᠡᠭᠡᠬᠦ ᠶ᠋ᠢᠨ ᠴᠢᠨᠢ ᠲᠡᠭᠡᠨ᠎ᠡ ᠪᠢᠵᠡ * ! 》 ᠭᠡᠵᠦ ᠬᠡᠯᠡᠭᠡᠳ 
 ᠲᠠᠪᠠᠯᠭᠠᠭᠠᠳ * ᠪᠠᠢᠪᠠ ᠭᠡᠨ᠎ᠡ ᠃  
 ᠳᠠᠪᠢᠷᠠᠭᠤᠯᠵᠢᠨ (ᠨᠡᠬᠡᠵᠦ)  ᠬᠦᠷᠦᠭᠡᠳ  
 ᠴᠠᠷᠠᠭ ᠤ᠋ᠨ ᠬᠢᠨᠢ ᠴᠠᠭᠠᠨ ᠳᠤᠭᠤᠯᠠᠭ᠎ᠠ ᠳᠤᠮᠳᠠᠭᠤᠷ ᠨᠢ  
 ᠠᠢᠷᠢᠰᠣᠲᠣ ᠬᠠᠷ᠎ᠠ ᠲᠠᠪᠠᠷᠴᠠᠭ ᠮᠢᠯᠠᠭ᠎ᠠ ᠪᠠᠷ ᠢ᠋ᠶ᠋ᠠᠨ 
 ᠨᠢᠭᠡ ᠲᠠᠲᠠᠭᠠᠳ ( ᠲᠠᠰᠢᠭᠤᠷᠳᠠᠭᠠᠳ )  ᠣᠷᠬᠢᠪᠠ ᠭᠡᠨ᠎ᠡ ᠃ 
 ᠲᠡᠭᠡᠬᠦ ᠳ᠋ᠦ᠍ ᠮᠣᠷᠢᠨ ᠤ᠋ ᠪᠠᠨ ᠠᠮᠠ ( ᠠᠮᠠᠭᠠᠢ ) 
 ᠭᠡᠳᠡᠷᠭᠦ ᠪᠡᠨ ᠡᠷᠭᠢᠭᠦᠯᠦᠭᠡᠳ ᠢᠷᠡᠪᠡ ᠭᠡᠨ᠎ᠡ ᠃ 
 《 ᠴᠢ ᠮᠠᠨ᠎ᠠ ᠬᠣᠶᠠᠷ ᠡᠨᠡ ᠴᠢᠨᠢ  
 ᠶᠣᠭ ᠶᠤᠮ ᠪᠣᠯᠣᠰᠢ ᠦᠭᠡᠢ *  ᠪᠠᠢᠨ᠎ᠠ  
 ᠴᠢ ᠮᠠᠨ᠎ᠠ ᠬᠣᠶᠠᠷ ᠬᠡᠢ ᠭᠦᠷᠪᠡᠯᠵᠢᠨ ᠰᠢᠭᠢᠷ᠎ᠡ ᠪᠡᠷ ᠢ᠋ᠶ᠋ᠡᠨ  
 ᠨᠢᠭᠡ  ᠪᠣᠯᠤᠯᠴᠠᠶᠤ (ᠦᠵᠡᠯᠴᠡᠶ᠎ᠡ ) 》 ᠭᠡᠵᠦ ᠬᠡᠯᠡᠪᠡ ᠭᠡᠨ᠎ᠡ ᠃  
 《 ᠲᠡᠭᠡᠬᠦ ᠶ᠋ᠢᠨ ᠴᠢᠨᠢ ᠲᠡᠭᠡᠨ᠎ᠡ ᠪᠢᠵᠡ *!》 ᠭᠡᠵᠦ ᠬᠡᠯᠡᠪᠡ ᠭᠡᠨ᠎ᠡ ᠃ 
 ᠣᠴᠢᠨ ᠴᠣᠬᠣᠷ ᠮᠣᠷᠢ ᠬᠠᠰᠢᠭ ᠲᠤᠤᠬᠠᠨ ᠰᠢᠷᠭᠠᠯ  
 ᠬᠣᠶᠠᠷ ᠮᠣᠷᠢ ᠪᠠᠨ  ᠲᠠᠯᠪᠢᠭᠠᠳ ᠬᠥᠭᠡᠭᠡᠳ ᠣᠷᠬᠢᠪᠠ ᠭᠡᠨ᠎ᠡ᠃  
 ᠠᠭᠤᠯᠠ ᠠᠭᠤᠯᠠ ᠶ᠋ᠢᠨ ᠪᠠᠯ  
 ᠠᠪᠤᠭᠠᠳ ᠰᠠᠭᠤᠭᠠᠳ ᠣᠷᠬᠢᠪᠠ ᠭᠡᠨ᠎ᠡ  
 ᠬᠣᠨᠣᠭ ᠤ᠋ᠨ ᠭᠠᠵᠠᠷ ᠠ᠋ᠴᠠ  
 ᠬᠣᠨᠢᠨ ᠤ᠋ ᠴᠢᠨᠡᠭᠡᠨ ᠴᠢᠨᠡᠭᠡᠨ ᠴᠢᠯᠠᠭᠤ ᠪᠠᠷ  
 ᠴᠣᠬᠢᠷᠠᠯᠳᠤᠭᠠᠳ ᠢᠷᠡᠪᠡ ᠭᠡᠨ᠎ᠡ  
 ᠦᠳᠡ ᠶ᠋ᠢᠨ ᠭᠠᠵᠠᠷ ᠠ᠋ᠴᠠ 
 ᠦᠬᠡᠷ ᠦ᠋ᠨ ᠴᠢᠨᠡᠭᠡᠨ ᠴᠢᠨᠡᠭᠡᠨ ᠴᠢᠯᠠᠭᠤ ᠪᠠᠷ 
 ᠴᠣᠬᠢᠷᠠᠯᠳᠤᠭᠠᠳ ᠢᠷᠡᠪᠡ ᠭᠡᠨ᠎ᠡ᠃  
 ᠨᠢᠭᠡᠨ ᠡᠳᠦᠷ ᠪᠣᠯᠪᠠ ᠭᠡᠨ᠎ᠡ  
 ᠮᠠᠳ ᠤᠯᠠᠭᠠᠨ ᠬᠥᠪᠡᠭᠦᠨ ᠬᠡᠯᠡᠪᠡ ᠭᠡᠨ᠎ᠡ ᠃ 
 《 ᠴᠢ ᠮᠠᠨ᠎ᠠ ᠬᠣᠶᠠᠷ ᠡᠨᠡ ᠴᠢᠨᠢ  
 ᠶᠣᠭ ᠶᠤᠮ ᠪᠣᠯᠣᠰᠢ ᠦᠭᠡᠢ * ᠪᠠᠢᠨ᠎ᠠ  
 ᠴᠢ ᠮᠠᠨ᠎ᠠ ᠬᠣᠶᠠᠷ ᠤᠷᠠᠴᠤᠳ ᠤ᠋ᠨ ᠬᠥᠬᠡ ᠲᠡᠮᠦᠷ ᠢ᠋ᠶ᠋ᠡᠷ  
 ᠨᠢᠭᠡ ᠪᠡᠨ ᠪᠣᠯᠤᠯᠴᠠᠶᠤ (ᠦᠵᠡᠯᠴᠡᠶ᠎ᠡ ) 》 ᠭᠡᠵᠦ ᠬᠡᠯᠡᠪᠡ ᠭᠡᠨ᠎ᠡ ᠃  
 《 ᠲᠡᠭᠡᠬᠦ ᠶ᠋ᠢᠨ ᠴᠢᠨᠢ ᠲᠡᠭᠡᠨ᠎ᠡ *  ᠪᠢᠵᠡ !》 ᠭᠡᠵᠦ ᠬᠡᠯᠡᠪᠡ ᠭᠡᠨ᠎ᠡ ᠃ 
 ᠮᠠᠳ ᠤᠯᠠᠭᠠᠨ ᠬᠥᠪᠡᠭᠦᠨ 
 ᠦᠷᠦᠭᠦᠨ (ᠥᠷᠯᠥᠭᠡᠨ ) ᠦ᠌ ᠭᠡᠷᠡᠯ ᠡᠴᠡ 
 ᠠᠰᠬᠠᠨ (ᠦᠳᠡᠰᠢ ) ᠶ᠋ᠢᠨ ᠭᠡᠷᠡᠯ ᠬᠦᠷᠲᠡᠯ᠎ᠡ  
 ᠰᠠᠭᠠᠳᠠᠭ ᠢ᠋ᠶ᠋ᠠᠨ ᠲᠠᠲᠠᠭᠠᠳ ᠣᠷᠬᠢᠭᠰᠠᠨ ᠪᠠᠢᠪᠠ ᠭᠡᠨ᠎ᠡ ᠃ 
 ᠬᠣᠶᠠᠷ ᠳᠠᠯᠤ ᠶ᠋ᠢᠨ ᠬᠢᠷ᠎ᠠ 
 ᠬᠣᠯᠪᠣᠯᠳᠤᠭᠠᠳ ᠢᠷᠡᠪᠡ ᠭᠡᠨ᠎ᠡ  
 ᠡᠷᠡᠬᠡᠢ ᠬᠣᠮᠣᠬᠠᠢ (ᠳᠣᠯᠣᠪᠣᠷ) ᠬᠣᠶᠠᠷ ᠠ᠋ᠴᠠ ᠨᠢ  
 ᠬᠠᠷ᠎ᠠ ᠬᠠᠷ᠎ᠠ ᠨᠥᠵᠢᠭ (ᠨᠥᠵᠢ ) ᠤᠨᠠᠭᠠᠳ ᠢᠷᠡᠪᠡ ᠭᠡᠨ᠎ᠡ ᠃ 
 ᠲᠡᠭᠡᠬᠦ ᠳ᠋ᠦ᠍ ᠬᠠᠨ ᠴᠡᠩᠭᠡᠯ ᠬᠥᠪᠡᠭᠦᠨ  
 ᠬᠠᠰᠢᠭ ᠲᠣᠣᠬᠠᠨ ᠰᠢᠷᠭᠠᠯ ᠮᠣᠷᠢᠨ ᠤ᠋ ᠪᠠᠨ 
 ᠪᠠᠷᠠᠭᠤᠨ ᠴᠢᠬᠢᠨ ᠳᠣᠲᠣᠷ᠎ᠠ 
 ᠬᠦᠷᠡᠯ ᠬᠠᠷᠴᠠᠭᠠᠢ ᠳ᠋ᠤ᠌  ᠬᠤᠪᠢᠯᠤᠭᠠᠳ 
 ᠰᠠᠭᠤᠵᠢᠨ ( ᠰᠠᠭᠤᠵᠤ ) ᠪᠠᠢᠪᠠ ᠭᠡᠨ᠎ᠡ  
 ᠬᠠᠨ ᠴᠡᠩᠭᠡᠯ ᠬᠥᠪᠡᠭᠦᠨ ᠦ᠌ 
 ᠠᠪᠳᠠᠷ᠎ᠠ ᠶ᠋ᠢᠨ ᠴᠡᠭᠡᠵᠢᠨ ᠳᠤᠮᠳᠠ * ᠭᠡᠵᠦ  
 ᠰᠢᠪᠰᠢᠵᠢᠨ (ᠰᠢᠪᠰᠢᠵᠦ ) ᠨᠢᠭᠡ ᠲᠠᠯᠪᠢᠭᠠᠳ  
 ᠣᠷᠬᠢᠭᠰᠠᠨ ᠪᠠᠢᠪᠠ ᠭᠡᠨ᠎ᠡ 
 ᠬᠠᠰᠢᠭ ᠲᠣᠣᠬᠠᠨ ᠰᠢᠷᠭᠠᠯ ᠭᠡᠳᠡᠭ ᠮᠣᠷᠢᠨ ᠤ᠋ ᠬᠢᠨᠢ  
 ᠭᠡᠷ ᠮᠠᠩᠨᠠᠢ ᠤᠷᠤᠭᠤ  
 ᠲᠤᠰᠴᠢᠨ ( ᠲᠣᠰᠴᠤ ) ᠣᠷᠬᠢᠪᠠ ᠭᠡᠨ᠎ᠡ  
 ᠴᠠᠩᠬᠢᠷ ᠴᠠᠭᠠᠨ ᠬᠠᠳᠠ ᠤᠷᠤᠭᠤ  
 ᠴᠣᠬᠢᠭᠰᠠᠨ ᠰᠢᠩᠭᠢ ( ᠰᠢᠭ )  
 《 ᠬᠦᠩ ᠂ ᠬᠠᠩ 》 ᠭᠡᠳ  
 ᠭᠡᠳᠡᠷᠭᠦ ᠪᠡᠨ ᠤᠨᠠᠵᠢᠨ ( ᠤᠨᠠᠵᠤ ) ᠣᠳᠪᠠ ᠭᠡᠨ᠎ᠡ ᠃  
 ᠬᠠᠨ ᠴᠡᠩᠭᠡᠯ ᠬᠥᠪᠡᠭᠦᠨ 
 ᠦᠷᠦᠭᠦᠨ (ᠥᠷᠯᠥᠭᠡᠨ ) ᠦ᠌ ᠭᠡᠷᠡᠯ ᠡᠴᠡ  
 ᠠᠰᠬᠠᠨ (ᠦᠳᠡᠰᠢ ) ᠶ᠋ᠢᠨ ᠭᠡᠷᠡᠯ ᠬᠦᠷᠲᠡᠯ᠎ᠡ  
 ᠰᠠᠭᠠᠳᠠᠭ ᠢ᠋ᠶ᠋ᠠᠨ ᠲᠠᠲᠠᠭᠠᠳ ᠣᠷᠬᠢᠪᠠ ᠭᠡᠨ᠎ᠡ᠃ 
 ᠬᠣᠶᠠᠷ ᠳᠠᠯᠤ ᠶ᠋ᠢᠨ ᠬᠢᠷ᠎ᠠ  
 ᠬᠣᠯᠪᠣᠯᠳᠤᠭᠠᠳ ᠢᠷᠡᠪᠡ ᠭᠡᠨ᠎ᠡ  
 ᠡᠷᠡᠬᠡᠢ ᠬᠣᠮᠣᠬᠠᠢ (ᠳᠣᠯᠣᠪᠣᠷ) ᠬᠣᠶᠠᠷ ᠠ᠋ᠴᠠ ᠨᠢ  
 ᠬᠠᠷ᠎ᠠ ᠬᠠᠷ᠎ᠠ ᠨᠥᠵᠢᠭ ( ᠨᠥᠵᠢ ) ᠤᠨᠠᠭᠠᠳ ᠢᠷᠡᠪᠡ ᠭᠡᠨ᠎ᠡ᠃ 
 ᠮᠠᠳ ᠤᠯᠠᠭᠠᠨ ᠬᠥᠪᠡᠭᠦᠨ 
 ᠣᠴᠢᠨ ᠴᠣᠬᠣᠷ ᠮᠣᠷᠢᠨ ᠤ᠋ ᠪᠠᠨ  
 ᠵᠡᠭᠦᠨ ᠴᠢᠬᠢᠨ ᠳᠣᠲᠣᠷ᠎ᠠ 
 ᠬᠦᠷᠡᠯ ᠬᠠᠷᠴᠠᠭᠠᠢ ᠳ᠋ᠤ᠌ ᠬᠤᠪᠢᠯᠤᠭᠠᠳ  
 ᠰᠠᠭᠤᠵᠢᠨ( ᠰᠠᠭᠤᠵᠤ ) ᠪᠠᠢᠪᠠ ᠭᠡᠨ᠎ᠡ ᠃ 
 ᠮᠠᠳ ᠤᠯᠠᠭᠠᠨ ᠬᠥᠪᠡᠭᠦᠨ ᠦ᠌  
 ᠠᠪᠳᠠᠷ᠎ᠠ ᠶ᠋ᠢᠨ ᠴᠡᠭᠡᠵᠢᠨ ᠳᠤᠮᠳᠠ * ᠭᠡᠵᠦ  
 ᠰᠢᠪᠰᠢᠨ(ᠰᠢᠪᠰᠢᠵᠦ ) ᠨᠢᠭᠡ ᠲᠠᠯᠪᠢᠭᠠᠳ ᠣᠷᠬᠢᠪᠠ ᠭᠡᠨ᠎ᠡ  
 ᠣᠴᠢᠨ ᠴᠣᠬᠣᠷ ᠮᠣᠷᠢᠨ ᠤ᠋   
 ᠭᠡᠷ ᠮᠠᠩᠨᠠᠢ ᠤᠷᠤᠭᠤ ᠲᠤᠰᠴᠢᠨ ( ᠲᠣᠰᠴᠤ ) 
 ᠴᠠᠩᠬᠢᠷ ᠴᠠᠭᠠᠨ ᠬᠠᠳᠠ ᠤᠷᠤᠭᠤ  
 ᠴᠣᠬᠢᠭᠰᠠᠨ ᠰᠢᠩᠭᠢ ( ᠰᠢᠭ ) 
 《 ᠬᠦᠩ᠂ ᠬᠠᠩ 》 ᠭᠡᠳ  
 ᠭᠡᠳᠡᠷᠭᠦ ᠪᠡᠨ ᠤᠨᠠᠵᠢᠨ ( ᠤᠨᠠᠵᠤ ) ᠣᠳᠪᠠ ᠭᠡᠨ᠎ᠡ᠃  
 《 ᠦ ! ᠴᠢ ᠮᠠᠨ᠎ᠠ ᠬᠣᠶᠠᠷ ᠡᠨᠡ ᠴᠢᠨᠢ 
 ᠶᠣᠭ ᠶᠤᠮ ᠪᠣᠯᠣᠰᠢ ᠦᠭᠡᠢ * ᠪᠠᠢᠨ᠎ᠠ 
 ᠴᠢ ᠮᠠᠨ᠎ᠠ ᠬᠣᠶᠠᠷ  
 ᠰᠠᠢᠨ ᠡᠵᠢ ᠶ᠋ᠢᠨ ᠠᠪᠤ ᠶ᠋ᠢᠨ ᠬᠠᠢᠷᠠᠯᠠᠭᠰᠠᠨ  
 ᠳᠠᠯᠤ ᠡᠭᠡᠮ ᠢ᠋ᠶ᠋ᠡᠷ ᠢ᠋ᠶ᠋ᠡᠨ ᠨᠢᠭᠡ ᠪᠣᠯᠤᠯᠴᠠᠶᠤ (ᠦᠵᠡᠯᠴᠡᠶ᠎ᠡ )? 》 ᠭᠡᠵᠦ ᠬᠡᠯᠡᠪᠡ ᠭᠡᠨ᠎ᠡ ᠃  
 《 ᠲᠡᠭᠡᠬᠦ ᠴᠢᠨᠢ ᠲᠡᠭᠡᠨ᠎ᠡ ᠪᠢᠵᠡ * ! 》 ᠭᠡᠵᠦ ᠬᠡᠯᠡᠪᠡ ᠭᠡᠨ᠎ᠡ 
 ᠬᠣᠶᠠᠭᠤᠯᠠ ᠪᠠᠨ ᠪᠠᠷᠢᠯᠳᠤᠭᠠᠳ ᠣᠷᠬᠢᠪᠠ ᠭᠡᠨ᠎ᠡ  
 ᠪᠡᠷᠢ ᠪᠠᠷᠢᠭᠰᠠᠨ ᠭᠠᠵᠠᠷ ᠠ᠋ᠴᠠ ᠪᠠᠨ 
 ᠪᠠᠷᠢᠭᠤᠯ ᠤ᠋ᠨ ᠴᠢᠨᠡᠭᠡᠨ ᠴᠢᠨᠡᠭᠡᠨ  
 ᠮᠢᠬ᠎ᠠ ᠠᠪᠤᠭᠠᠳ ᠬᠠᠶᠠᠪᠠ ᠭᠡᠨ᠎ᠡ  
 ᠬᠥᠷ ᠬᠦᠷᠦᠭᠰᠡᠨ ᠭᠠᠵᠠᠷ ᠠ᠋ᠴᠠ ᠪᠠᠨ 
 ᠬᠦᠷᠵᠡ ᠶ᠋ᠢᠨ ᠴᠢᠨᠡᠭᠡᠨ ᠴᠢᠨᠡᠭᠡᠨ 
 ᠮᠢᠬ᠎ᠠ ᠠᠪᠤᠭᠠᠳ ᠬᠠᠶᠠᠪᠠ ᠭᠡᠨ᠎ᠡ ᠃  
 ᠲᠡᠭᠡᠬᠦ ᠳ᠋ᠦ᠍ ᠳᠡᠭᠡᠳᠦ ᠳᠡᠭᠡᠳᠦ ᠶ᠋ᠢᠨ ᠣᠷᠣᠨ ᠤ᠋ 
 ᠯᡁᠸᠩᠮ᠎ᠠ ᠵᠠᠪᠰᠢ ᠬᠠᠭᠠᠨ ᠠᠢᠯᠠᠳᠪᠠ ᠭᠡᠨ᠎ᠡ  
 《 ᠳᠣᠣᠷᠠᠲᠤ ᠳᠣᠣᠷᠠᠲᠤ ᠣᠷᠣᠨ ᠳ᠋ᠤ᠌  
 ᠬᠣᠶᠠᠷ ᠬᠠᠷ᠎ᠠ ᠲᠣᠯᠣᠭᠠᠢ ᠲᠠᠢ  
 ᠰᠢᠪᠠᠵᠢᠨ( ᠰᠢᠪᠠᠵᠢ ) ᠨᠣᠣᠯᠠᠯᠳᠤᠵᠤ ( ᠨᠣᠴᠣᠯᠳᠤᠵᠤ ) 
 ᠭᠤᠷᠪᠠᠨ ᠵᠢᠯ ᠦ᠋ᠨ ᠨᠢᠭᠤᠷ * ᠪᠤᠯᠵᠢᠨ( ᠪᠣᠯᠵᠤ )  ᠪᠠᠢᠨ᠎ᠠ  
 ᠲᠡᠷᠡᠭᠦᠨ ( ᠲᠡᠭᠦᠨ ) ᠦ᠌ ᠲᠣᠭᠣᠰᠣᠨ ᠳ᠋ᠤ᠌  
 ᠮᠥᠭ ᠮᠦᠭᠴᠢᠩ ( ᠭᠠᠢ ᠭᠠᠮᠰᠢᠭ ) ᠪᠣᠯᠵᠢᠨ ( ᠪᠣᠯᠵᠤ ) ᠪᠠᠢᠨ᠎ᠠ 》 ᠭᠡᠵᠦ  
 ᠬᠣᠶᠠᠷ ᠬᠤᠷᠳᠤᠨ ᠴᠠᠭᠠᠨ ᠪᠠᠨᠳᠢ ᠳ᠋ᠤ᠌  
 ᠮᠥᠩᠭᠥᠨ ᠪᠤᠮᠪᠠ ᠲᠠᠢ ᠠᠯᠲᠠᠨ ᠪᠤᠮᠪᠠ ᠲᠠᠢ  
 ᠬᠣᠶᠠᠷ ᠷᠠᠰᠢᠶᠠᠨ ᠢ᠋ ᠥᠭᠭᠦᠭᠡᠳ ᠶᠠᠪᠤᠭᠤᠯᠪᠠ ᠭᠡᠨ᠎ᠡ ᠃ 
 ᠬᠠᠨ ᠴᠡᠩᠭᠡᠯ ᠬᠥᠪᠡᠭᠦᠨ ᠳ᠋ᠦ᠍  
 ᠠᠯᠲᠠᠨ ᠪᠤᠮᠪᠠ ᠲᠠᠢ ᠷᠠᠰᠢᠶᠠᠨ ᠢ᠋ ᠥᠭᠪᠡ ᠭᠡᠨ᠎ᠡ  
 ᠣᠷᠣᠢ ᠳᠡᠭᠡᠷ᠎ᠡ ᠪᠡᠨ ᠲᠠᠯᠪᠢᠵᠤ  
 ᠨᠢᠭᠡ ᠠᠳᠢᠰ ᠲᠤ᠌ ᠬᠦᠷᠲᠡᠪᠡ ᠭᠡᠨ᠎ᠡ  
 ᠠᠯᠠᠭᠠᠨ ᠳᠡᠭᠡᠷ᠎ᠡ ᠪᠡᠨ ᠳᠤᠰᠤᠭᠠᠵᠤ  
 ᠨᠢᠭᠡ ᠠᠮᠰᠠᠪᠠ ᠭᠡᠨ᠎ᠡ ᠃  
 ᠲᠡᠭᠡᠵᠢᠨ (ᠲᠡᠭᠡᠵᠦ ) ᠠᠪᠤᠭᠠᠳ 
 ᠳᠤᠤᠭᠠᠷᠤᠯ ᠦᠭᠡᠢ ᠴᠣᠬᠢᠷᠠᠯᠳᠤᠭᠠᠳ ᠪᠠᠢᠪᠠ ᠭᠡᠨ᠎ᠡ ᠃ 
 ᠮᠠᠳ ᠤᠯᠠᠭᠠᠨ ᠬᠥᠪᠡᠭᠦᠨ ᠳ᠋ᠦ᠍  
 ᠮᠥᠩᠭᠥᠨ ᠪᠤᠮᠪᠠ ᠲᠠᠢ ᠷᠠᠰᠢᠶᠠᠨ ᠢ᠋ ᠥᠭᠪᠡ ᠭᠡᠨ᠎ᠡ  
 ᠭᠠᠷ ᠲᠤ᠌ ᠪᠠᠨ ᠠᠪᠤᠭᠰᠠᠨ ᠴᠤ᠌ ᠦᠭᠡᠢ  
 《 ᠪᠢ ᠪᠣᠯᠬᠤᠯ᠎ᠠ ᠨᠢ  
 ᠡᠨᠡ ᠠᠲᠠᠭ᠎ᠠ ᠮᠠᠷᠭᠤᠭ᠎ᠠ ᠪᠠᠨ ᠠᠯᠳᠠᠭᠰᠠᠨ ᠪᠣᠯᠪᠠᠴᠤ  
 ᠬᠣᠢᠲᠤᠨ ᠠᠲᠠᠭ᠎ᠠ ᠮᠠᠷᠭᠤᠭ᠎ᠠ ᠪᠠᠨ ᠠᠪᠤᠨ᠎ᠠ 》 ᠭᠡᠵᠦ ᠬᠡᠯᠡᠭᠡᠳ 
 ᠴᠣᠬᠢᠷᠠᠯᠳᠤᠭᠠᠳ ᠪᠠᠢᠪᠠ ᠭᠡᠨ᠎ᠡ ᠃  
 ᠬᠣᠶᠠᠷ ᠬᠤᠷᠳᠤᠨ ᠴᠠᠭᠠᠨ ᠪᠠᠨᠳᠢ  
 ᠲᠡᠭᠷᠢ ᠶ᠋ᠢᠨ ᠣᠷᠣᠨ ᠳ᠋ᠠᠭᠠᠨ  
 ᠶᠠᠪᠤᠭᠰᠠᠨ ᠪᠠᠢᠪᠠ ᠭᠡᠨ᠎ᠡ  
 ᠠᠷᠤ ᠳ᠋ᠤᠨᠢ ᠬᠣᠶᠠᠭᠤᠯᠠ ᠪᠠᠨ 
 ᠴᠣᠬᠢᠷᠠᠯᠳᠤᠭᠠᠳ ᠪᠠᠢᠪᠠ ᠭᠡᠨ᠎ᠡ ᠃