ᠬᠣᠢᠲᠤ ᠮᠡᠷᠭᠡᠨ ᠲᠡᠮᠦᠨᠡ < ᠳᠦᠷᠪᠡ > Хойд мэргэн төмнө – Дөрөв ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠢᠲᠤ ᠮᠡᠷᠭᠡᠨ ᠲᠡᠮᠦᠨᠡ < ᠳᠦᠷᠪᠡ > Хойд мэргэн төмнө – Дөрөв

ᠬᠣᠢᠲᠤ ᠮᠡᠷᠭᠡᠨ ᠲᠡᠮᠦᠨᠡ < ᠳᠦᠷᠪᠡ > Хойд мэргэн төмнө – Дөрөв

ᠠᠩᠭᠢᠯᠠᠯ:ᠳᠣᠮᠣᠭ ᠦᠯᠢᠭᠡᠷ
2024-02-27

384

ᠬᠣᠢᠲᠤ ᠮᠡᠷᠭᠡᠨ ᠲᠡᠮᠦᠨᠡ < ᠳᠦᠷᠪᠡ >



       ᠡᠨᠡ ᠦᠶ᠎ᠡ ᠳ᠋ᠦ᠍ ᠶᠠᠭ ᠠᠯᠲᠠᠨ ᠵᠣᠣ (ᡀᠠᠰᠠ) ᠶ᠋ᠢ ᠪᠠᠢᠭᠤᠯᠵᠤ ᠪᠠᠢᠭᠰᠠᠨ ᠴᠠᠭ ᠭᠡᠨ᠎ᠡ᠃ ᠣᠷᠳᠣᠨ ᠢ᠋ ᠪᠠᠢᠭᠤᠯᠬᠤ ᠳᠡᠭᠡᠷ᠎ᠡ ᠲᠠᠩᠭᠤᠳ ᠤ᠋ᠨ ᠤᠷᠠᠴᠤᠳ ᠪᠦᠭᠦᠳᠡ ᠴᠤᠭᠯᠠᠭᠰᠠᠨ ᠪᠣᠯᠪᠠᠴᠤ ᠪᠦᠲᠦᠭᠡᠵᠦ ᠴᠢᠳᠠᠬᠤ ᠦᠭᠡᠢ《 ᠦᠢᠯᠡ ᠪᠡᠨ ᠦᠵᠡᠵᠦ ᠦᠰᠦ ᠪᠡᠨ ᠲᠣᠭᠠᠯᠠᠵᠤ 》ᠪᠠᠢᠭᠰᠠᠨ ᠭᠡᠨ᠎ᠡ᠃ ᠣᠷᠳᠣᠨ ᠢ᠋ ᠡᠳᠦᠷ ᠨᠢ ᠪᠠᠷᠢᠭᠠᠳ ᠲᠠᠯᠪᠢᠬᠤ ᠳ᠋ᠤ᠌ ᠰᠥᠨᠢ ᠨᠢ ᠨᠤᠷᠠᠵᠤ᠂ ᠰᠢᠪᠠᠷ ᠨᠢ ᠰᠢᠪᠡᠷ ᠲᠡᠭᠠᠨ᠂ ᠴᠢᠯᠠᠭᠤ ᠨᠢ ᠴᠢᠯᠠᠭᠤ ᠳ᠋ᠠᠭᠠᠨ ᠢᠯᠭᠠᠷᠠᠭᠠᠳ ᠶᠠᠪᠤᠴᠢᠬᠠᠳᠠᠭ ᠭᠡᠨ᠎ᠡ᠃ ᠶᠠᠭ ᠠᠷᠭ᠎ᠠ ᠶᠠᠳᠠᠬᠤ ᠳ᠋ᠠᠭᠠᠨ ᠳᠠᠯᠠᠢ ᠯᠠᠮᠠ ᠂ ᠪᠠᠨᠴᠢᠨ ᠡᠷᠳᠡᠨᠢ ᠬᠣᠶᠠᠭᠤᠯᠠ ᠪᠠᠳᠢᠷᠴᠢᠨ ᠯᠠᠮᠠ ᠶ᠋ᠢᠨ ᠶᠠᠩᠵᠤ ᠪᠠᠷ ᠬᠤᠪᠴᠠᠯᠠᠭᠠᠳ ᠂ ᠮᠡᠷᠭᠡᠨ ᠲᠡᠮᠦᠨᠡ ᠡᠴᠡ ᠠᠷᠭ᠎ᠠ ᠮᠡᠷᠭᠡᠵᠢᠯ ᠢ᠋ ᠨᠢ ᠬᠤᠯᠠᠭᠠᠢᠯᠠᠬᠤ ᠪᠠᠷ ᠡᠭᠦᠷᠭᠡ ᠲᠡᠭᠦᠷᠭᠡ ᠪᠡᠨ ᠡᠭᠦᠷᠦᠨ ᠴᠢᠷᠦᠨ ᠬᠦᠷᠴᠦ ᠢᠷᠡᠪᠡ  ᠭᠡᠨ᠎ᠡ ᠃ᠮᠡᠷᠭᠡᠨ ᠲᠡᠮᠦᠨᠡ ᠄  
       – ᠵᠠ᠂ ᠲᠠᠨᠤᠰ ᠬᠠᠮᠢᠭ᠎ᠠ ᠠ᠋ᠴᠠ ᠢᠷᠡᠪᠡ ? ᠭᠡᠵᠦ ᠰᠤᠷᠠᠬᠤ ᠳ᠋ᠤ᠌ ᠬᠣᠶᠠᠷ ᠯᠠᠮᠠ ᠄ 
       – ᠮᠠᠨᠤᠰ ᠠᠯᠲᠠᠨ ᠵᠣᠣ ᠠ᠋ᠴᠠ ᠢᠷᠡᠯ᠎ᠡ ᠭᠡᠵᠦ ᠭᠡᠨ᠎ᠡ ᠃ 
       – ᠠᠯᠲᠠᠨ ᠵᠣᠣ ᠶ᠋ᠢ ᠪᠠᠷᠢᠭᠠᠳ ᠪᠠᠷᠠᠵᠤ ᠤᠤ? ᠭᠡᠵᠦ ᠯᠠᠪᠯᠠᠨ ᠠᠰᠠᠭᠤᠬᠤ ᠳ᠋ᠤ᠌ ᠂ 
       – ᠪᠤᠳᠠᠯᠠᠩ ᠣᠷᠳᠣᠨ ᠢ᠋ ᠨᠢ ᠬᠦᠷᠲᠡᠯ᠎ᠡ ᠠᠯᠢ ᠬᠡᠵᠢᠶᠡᠨᠡᠢ ᠪᠠᠷᠢᠵᠤ ᠪᠠᠷᠠᠭᠰᠠᠨ ᠭᠡᠵᠦ ᠬᠤᠳᠠᠯ ᠬᠡᠯᠡᠵᠡᠢ ᠃ ᠮᠡᠷᠭᠡᠨ ᠲᠡᠮᠦᠨᠡ ᠄  
       – ᠶᠠᠮᠠᠷ ᠴᠦ᠍ ᠲᠦᠷᠭᠡᠨ ᠶᠦᠮ ᠳᠡ ! ᠲᠡᠢᠮᠦ ᠠᠮᠠᠷᠬᠠᠨ ᠂ ᠲᠡᠢᠮᠦ ᠲᠦᠷᠭᠡᠨ ᠪᠠᠷᠢᠴᠢᠬᠠᠯ᠎ᠠ ᠭᠡᠵᠦ ᠤᠤ? ᠭᠡᠵᠦ ᠯᠠᠪᠯᠠᠵᠤ ᠰᠤᠷᠠᠵᠤ ᠭᠡᠨ᠎ᠡ᠃    
       ᠠᠯᠲᠠᠨ ᠵᠣᠣ ᠪᠤᠳᠠᠯᠠᠩ ᠣᠷᠳᠣᠨ ᠲᠠᠢ ᠪᠠᠨ ᠠᠯᠢ ᠬᠡᠳᠦᠢᠨᠡᠢ ᠪᠠᠢᠭᠤᠯᠤᠭᠳᠠᠯ᠎ᠠ ᠭᠡᠬᠦ ᠶ᠋ᠢ ᠮᠡᠷᠭᠡᠨ ᠲᠡᠮᠦᠨᠡ ᠪᠠᠬᠠᠨ ᠢᠲᠡᠭᠡᠬᠦ ᠦᠭᠡᠢ ᠪᠠᠢᠵᠠᠢ᠃ ᠲᠡᠢᠮᠦ ᠡᠴᠡ ᠳᠠᠯᠠᠢ ᠯᠠᠮᠠ ᠳ᠋ᠤ᠌ ᠬᠤᠷᠴᠠ ᠲᠣᠩᠭᠣᠷᠠᠭ ᠥᠭᠴᠦ ᠦᠰᠦ ᠪᠡᠨ ᠬᠤᠰᠤᠭᠤᠯᠬᠤ ᠶ᠋ᠢᠨ ᠳᠠᠭᠠᠤ ᠪᠠᠨᠴᠢᠨ ᠡᠷᠳᠡᠨᠢ ᠶ᠋ᠢᠨ ᠬᠣᠶᠠᠷ ᠭᠠᠷ ᠤ᠋ᠨ ᠬᠣᠶᠠᠷ ᠬᠣᠶᠠᠷ ᠬᠤᠷᠤᠭᠤ ᠶ᠋ᠢ ᠨᠢ ᠲᠠᠰᠢᠷ ( ᠬᠠᠮᠲᠤ )ᠠᠳᠬᠤᠵᠤ ᠠᠪᠤᠭᠠᠳ ᠄ 
       – ᠲᠠᠨᠤᠰ ᠲᠡᠭᠡᠭᠡᠳ ᠪᠠᠷᠰ ᠵᠢᠯ ᠦ᠋ᠨ ᠪᠠᠷᠰ ᠰᠠᠷ᠎ᠠ ᠶ᠋ᠢᠨ ᠪᠠᠷᠰ ᠡᠳᠦᠷ ᠦ᠋ᠨ ᠪᠠᠷᠰ ᠴᠠᠭ ᠲᠤ᠌ ᠭᠠᠷᠤᠭᠰᠠᠨ ᠳᠣᠯᠣᠭᠠᠨ ᠨᠠᠰᠤᠲᠠᠢ ᠬᠦᠦ ᠶ᠋ᠢ ᠪᠤᠳᠠᠯᠠᠩ ᠣᠷᠳᠣᠨ ᠤ᠋ ᠭᠣᠣᠯ ᠲᠤᠯᠭᠠᠭᠤᠷ ᠳᠣᠣᠷ᠎ᠠ ᠪᠤᠯᠠᠪᠠ ᠤᠤ ᠂ ᠦᠭᠡᠢ ᠤᠤ ? ᠭᠡᠬᠦ ᠳ᠋ᠦ᠍ ᠳᠠᠯᠠᠢ ᠯᠠᠮᠠ ᠄  
       – ᠣᠣ ᠂ ᠲᠡᠭᠡᠯ᠎ᠡ ᠲᠡᠭᠡᠯ᠎ᠡ ! ᠭᠡᠬᠦ ᠵᠠᠭᠤᠷ᠎ᠠ ᠬᠥᠯ ᠦ᠋ᠨ ᠬᠤᠷᠤᠭᠤᠨ ᠳ᠋ᠠᠭᠠᠨ ᠪᠢᠷ ᠬᠠᠪᠴᠢᠭᠤᠯᠵᠤ ᠪᠠᠢᠭᠠᠳ ᠰᠠᠶᠢ ᠶ᠋ᠢᠨ ᠦᠭᠡᠰ ᠢ᠋ ᠲᠡᠮᠳᠡᠭᠯᠡᠵᠦ ᠠᠪᠴᠠᠢ ᠃ ᠡᠨᠡ ᠮᠡᠲᠦ ᠪᠡᠷ ᠮᠡᠷᠭᠡᠨ ᠲᠡᠮᠦᠨᠡ ᠢᠩᠭᠢᠵᠦ ᠬᠢᠪᠡ ᠤᠤ ᠂ ᠦᠭᠡᠢ ᠤᠤ ? ᠴᠢᠩᠭᠢᠵᠦ ᠬᠢᠪᠡ ᠤᠤ ᠂ ᠦᠭᠡᠢ ᠤᠤ ? ᠭᠡᠵᠦ ᠰᠤᠷᠠᠭᠠᠳ ᠪᠠᠢᠬᠤ ᠳ᠋ᠤᠨᠢ ᠳᠠᠯᠠᠢ ᠯᠠᠮᠠ ᠄ 
       – ᠠ ᠂ ᠲᠡᠢᠮᠦ ᠲᠡᠢᠮᠦ ᠂ ᠢᠩᠭᠢᠭᠰᠡᠨ ᠴᠢᠩᠭᠢᠭᠰᠡᠨ ᠭᠡᠵᠦ ᠬᠠᠷᠢᠭᠤᠯᠬᠤ ᠶ᠋ᠢᠨ ᠳᠠᠭᠠᠤ ᠬᠡᠯᠡᠭᠰᠡᠨ ᠪᠦᠭᠦᠳᠡ ᠶ᠋ᠢ ᠨᠢ ᠬᠥᠯ ᠢ᠋ᠶ᠋ᠡᠷ ᠢ᠋ᠶ᠋ᠡᠨ ᠲᠡᠮᠳᠡᠭᠯᠡᠭᠡᠳ ᠪᠠᠢᠵᠤ ᠭᠡᠨ᠎ᠡ ᠃ ᠲᠡᠭᠡᠭᠡᠳ ᠤᠳᠠᠬᠤ ᠦᠭᠡᠢ ᠪᠠᠷᠠᠬᠤ ᠭᠡᠵᠦ ᠪᠠᠢᠬᠤ ᠳ᠋ᠤ᠌ ᠳᠠᠯᠠᠢ ᠯᠠᠮᠠ ᠪᠠᠶᠠᠷᠯᠠᠭᠠᠳ ᠲᠡᠰᠬᠦ ᠦᠭᠡᠢ ᠲᠤᠯᠠ ᠰᠠᠨᠠᠮᠰᠠᠷ ᠦᠭᠡᠢ ᠪᠡᠷ ᠬᠥᠯ ᠢ᠋ᠶ᠋ᠡᠨ ᠴᠢᠩᠭ᠎ᠠ ᠬᠥᠳᠡᠯᠭᠡᠭᠡᠳ ᠴᠠᠭᠠᠰᠤ ᠪᠠᠨ ᠳᠤᠤᠭᠠᠷᠭᠠᠴᠢᠬᠠᠵᠤ ᠭᠡᠨ᠎ᠡ ᠃ ᠬᠥᠯ ᠢ᠋ᠶ᠋ᠡᠷ ᠢ᠋ᠶ᠋ᠡᠨ ᠪᠢᠴᠢᠵᠦ ᠪᠠᠢᠭ᠎ᠠ ᠶ᠋ᠢ ᠨᠢ ᠮᠡᠷᠭᠡᠨ ᠲᠡᠮᠦᠨᠡ ᠮᠡᠳᠡᠲᠡᠯ᠎ᠡ ᠨᠢ ᠂ ᠪᠠᠨᠴᠢᠨ ᠡᠷᠳᠡᠨᠢ ᠬᠤᠷᠤᠭᠤ ᠪᠠᠨ ᠤᠭᠵᠠ (ᠰᠤᠭᠤ )ᠲᠠᠲᠠᠭᠠᠳ ᠴᠠᠭᠠᠰᠤ ᠶ᠋ᠢ ᠰᠢᠭᠦᠷᠴᠦ ᠠᠪᠤᠭᠠᠳ ᠳᠠᠯᠠᠢ ᠯᠠᠮᠠ ᠪᠠᠨ ᠴᠢᠷᠦᠭᠡᠳ ᠵᠣᠯᠠᠨ ᠭᠠᠷᠴᠤ ᠭᠡᠨ᠎ᠡ ᠃ ᠬᠡᠷᠡᠭ ᠨᠢᠭᠡᠮᠦᠰᠦᠨ ᠬᠠᠵᠠᠢᠭᠰᠠᠨ ᠢ᠋ ᠮᠡᠳᠡᠮᠡᠭᠴᠡ ᠮᠡᠷᠭᠡᠨ ᠲᠡᠮᠦᠨᠡ ᠬᠦᠦ ᠪᠡᠨ ᠳᠠᠭᠤᠳᠠᠨ ᠄  
       – ᠬᠥᠪᠡᠭᠦᠨ ᠬᠥᠪᠡᠭᠦᠨ ᠂ ᠬᠣᠶᠠᠷ ᠭᠡᠢᠴᠢᠨ ᠠᠪᠤ ᠶ᠋ᠢᠨ ᠴᠢᠨᠢ ᠬᠡᠯᠡ ᠶ᠋ᠢ ᠰᠤᠭᠤᠯᠤᠭᠠᠳ ᠶᠠᠪᠤᠴᠢᠬᠠᠯ᠎ᠠ ᠂ ᠪᠤᠯᠢᠶᠠᠭᠠᠳ ᠢᠷ᠎ᠡ ! ᠭᠡᠵᠡᠢ ᠃ ᠠᠷᠠᠪᠰᠠᠷ ᠲᠡᠳᠡ ᠬᠣᠶᠠᠷ ᠢ᠋ ᠭᠦᠢᠴᠡᠵᠦ ᠬᠦᠷᠦᠭᠡᠳ ᠄ 
       – ᠠᠪᠤ ᠶ᠋ᠢᠨ ᠬᠡᠯᠡ ᠶ᠋ᠢ ᠭᠠᠷᠭᠠᠵᠤ ᠥᠭ ! ᠭᠡᠬᠦ ᠳ᠋ᠦ᠍ ᠲᠡᠳᠡ ᠨᠢᠭᠡᠨ ᠭᠣᠷᠭᠢ ᠶ᠋ᠢᠨ ᠬᠡᠯᠡ ᠥᠭᠭᠦᠭᠡᠳ ᠪᠤᠴᠠᠭᠠᠴᠢᠬᠠᠵᠤ ᠭᠡᠨ᠎ᠡ ᠃ ᠠᠪᠤ ᠨᠢ ᠲᠡᠮᠲᠡᠷᠢᠵᠦ ᠦᠵᠡᠭᠡᠳ ᠄ 
       –  ᠢᠰᠢ! ᠬᠦᠦ ᠮᠢᠨᠢ ᠂ ᠲᠡᠳᠡ ᠠᠪᠤ ᠶ᠋ᠢᠨ ᠴᠢᠨᠢ ᠬᠡᠯᠡᠭᠰᠡᠨ ᠦᠭᠡ ᠶ᠋ᠢ ᠪᠢᠴᠢᠭᠡᠳ ᠶᠠᠪᠤᠴᠢᠬᠠᠯ᠎ᠠ ᠰᠢᠦ ᠂ ᠡᠢᠮᠦ ᠬᠡᠯᠡ ᠭᠡᠰᠡᠨ ᠪᠢᠰᠢ ᠃ ᠵᠠ ᠡᠦᠲᠦ ᠶᠠᠭᠠᠬᠢᠬᠤᠪ ᠂ ᠡᠨᠡ ᠬᠣᠶᠠᠷ ᠠᠮᠢᠲᠠᠨ ᠭᠠᠳᠠᠨ᠎ᠠ ᠶᠠᠭᠤᠮ᠎ᠠ ᠣᠷᠬᠢᠵᠤ ᠤᠤ᠂ ᠦᠭᠡᠢ ᠤᠤ ? ᠭᠡᠬᠦ ᠳ᠋ᠦ᠍ ᠂ ᠠᠷᠠᠪᠰᠠᠷ ᠭᠠᠷᠴᠤ ᠣᠴᠢᠭᠠᠳ  ᠭᠡᠷ ᠲᠦᠰᠢᠭᠦᠯᠵᠦ ᠣᠷᠬᠢᠭᠰᠠᠨ ᠬᠣᠶᠠᠷ ᠬᠥᠪ ᠬᠦᠨᠳᠦ ᠲᠠᠶᠠᠭ ᠢ᠋ ᠨᠢ ᠠᠪᠴᠢᠷᠠᠨ ᠠᠪᠤ ᠳ᠋ᠠᠭᠠᠨ ᠪᠠᠷᠢᠭᠤᠯᠵᠠᠢ ᠃ ᠠᠪᠤ ᠨᠢ ᠪᠠᠷᠢᠵᠤ ᠦᠵᠡᠭᠡᠳ ᠄ 
       – ᠨᠠᠳᠠᠳᠤ ᠦᠯᠡᠳᠡᠭᠡᠭᠰᠡᠨ ᠱᠠᠩ ᠡᠨᠡ ᠪᠠᠢᠬᠤ ᠂ ᠳᠣᠲᠣᠷ᠎ᠠ ᠨᠢ ᠲᠠᠭ ᠳᠦᠭᠦᠷᠡᠩ ᠦᠢᠷᠡᠮᠡᠭ ᠠᠯᠲᠠ ᠪᠠᠢᠭ᠎ᠠ ᠶᠤᠮ ᠰᠢᠦ ᠭᠡᠵᠦ ᠭᠡᠨ᠎ᠡ ᠃ 
       ᠳᠠᠯᠠᠢ᠂ ᠪᠠᠨᠴᠢᠨ ᠬᠣᠶᠠᠷ ᠬᠠᠷᠢᠵᠤ ᠬᠦᠷᠦᠭᠡᠳ ᠤᠳᠠᠭᠰᠠᠨ ᠲᠦᠳᠡᠭᠰᠡᠨ ᠦᠭᠡᠢ ᠪᠤᠳᠠᠯᠠᠩ ᠣᠷᠳᠣᠨ ᠢ᠋ ᠪᠠᠢᠭᠤᠯᠵᠤ ᠪᠠᠷᠠᠪᠠ ᠭᠡᠨ᠎ᠡ ᠃ ᠭᠡᠲᠡᠯ᠎ᠡ ᠬᠠᠮᠤᠭ ᠰᠡᠭᠦᠯ ᠦ᠋ᠨ ᠪᠠᠷᠠᠭᠤᠨ ᠬᠣᠢᠲᠤ ᠥᠨᠴᠥᠭ ᠦ᠋ᠨ ᠪᠠᠷᠢᠯᠭ᠎ᠠ ᠶ᠋ᠢ ᠨᠢ ᠶᠠᠭᠠᠬᠢᠵᠤ ᠪᠠᠷᠢᠳᠠᠭ ᠢ᠋ ᠮᠡᠷᠭᠡᠨ ᠲᠡᠮᠦᠨᠡ ᠡᠴᠡ ᠲᠡᠮᠳᠡᠭᠯᠡᠵᠦ ᠠᠮᠵᠢᠭᠰᠠᠨ ᠦᠭᠡᠢ ᠲᠤᠯᠠ ᠪᠠᠬᠠᠨ ᠡᠪ ᠬᠠᠪᠤ ᠦᠭᠡᠢ ᠪᠠᠷᠢᠭᠰᠠᠨ ᠪᠥᠭᠡᠳ ᠲᠡᠷᠡ ᠨᠢ ᠡᠦᠲᠦ ᠪᠣᠯᠲᠠᠯ᠎ᠠ ᠤᠭ ᠬᠡᠪ ᠢ᠋ᠶ᠋ᠡᠷ ᠢ᠋ᠶ᠋ᠡᠨ ᠪᠠᠢᠭᠰᠠᠭᠠᠷ ᠭᠡᠨ᠎ᠡ ᠃ 
       ᠲᠡᠭᠡᠭᠡᠳ ᠲᠠᠩᠭᠤᠳ ᠤ᠋ᠨ ᠣᠷᠣᠨ ᠳ᠋ᠤ᠌ ᠠᠯᠲᠠᠨ ᠵᠣᠣ ᠲᠣᠭᠲᠠᠭᠰᠠᠨ ᠤ᠋ ᠪᠠᠨ ᠶᠡᠬᠡ ᠪᠠᠶᠠᠷ ᠬᠢᠬᠦ ᠪᠡᠷ ᠪᠣᠯᠵᠤ᠂ᠰᠣᠷᠢᠨᠵᠢᠨ ᠭᠣᠮᠪᠣ ᠬᠠᠭᠠᠨ ᠪᠡᠶ᠎ᠡ ᠪᠡᠷ ᠢ᠋ᠶ᠋ᠡᠨ ᠬᠥᠮᠦᠨ ᠲᠣᠮᠢᠯᠠᠨ ᠮᠡᠷᠭᠡᠨ ᠲᠡᠮᠦᠨᠡ ᠶ᠋ᠢ ᠶᠡᠬᠡ ᠪᠠᠶᠠᠷ ᠲᠠᠭᠠᠨ ᠵᠠᠯᠠᠵᠤ ᠭᠡᠨ᠎ᠡ᠃ᠮᠡᠷᠭᠡᠨ ᠲᠡᠮᠦᠨᠡ ᠲᠡᠨᠳᠡ ᠬᠦᠷᠦᠭᠡᠳ ᠰᠣᠷᠢᠨᠵᠢᠨ ᠭᠣᠮᠪᠣ ᠬᠠᠭᠠᠨ ᠤ᠋ ᠡᠮᠦᠨ᠎ᠡ ᠣᠴᠢᠵᠤ ᠬᠡᠷᠡᠭ ᠢ᠋ᠶ᠋ᠡᠨ ᠴᠠᠭᠠᠳᠬᠠᠨ ᠬᠡᠯᠡᠭᠰᠡᠨ ᠨᠢ ᠄ 
       – ᠲᠠᠨ ᠤ᠋ ᠬᠠᠲᠤᠨ ᠢ᠋ ᠵᠠᠯᠠᠬᠤ ᠶ᠋ᠢᠨ ᠲᠥᠯᠥᠭᠡ ᠪᠢ ᠲᠠᠮᠤ ᠲᠠᠢ ᠬᠣᠯᠠ ᠭᠠᠵᠠᠷ ᠶᠠᠪᠤᠵᠤ᠂ ᠲᠠᠷᠢᠬᠢ ᠲᠣᠯᠣᠭᠠᠢ ᠲᠠᠮᠢᠷ ᠬᠦᠴᠦ ᠪᠡᠨ ᠰᠢᠪᠬᠠᠭᠰᠠᠨ ᠪᠢᠰᠢᠦ? ᠲᠡᠷᠡ ᠰᠥᠨᠢ ᠬᠢᠲᠠᠳ ᠠ᠋ᠴᠠ ᠬᠣᠣᠷᠲᠤ ᠮᠣᠭᠠᠢ ᠲᠠᠯᠪᠢᠭᠰᠠᠨ ᠳ᠋ᠤ᠌ ᠪᠢ ᠤᠨᠲᠠᠬᠤ ᠨᠣᠢᠷ ᠦᠭᠡᠢ ᠪᠡᠷ ᠲᠠᠨ ᠤ᠋ ᠡᠭᠦᠳᠡᠨ ᠳᠡᠭᠡᠷ᠎ᠡ ᠰᠠᠬᠢᠵᠤ ᠪᠠᠢᠭᠠᠳ ᠂ ᠢᠷᠡᠬᠦ ᠮᠣᠭᠠᠢ ᠶ᠋ᠢ ᠴᠠᠪᠴᠢᠭᠰᠠᠨ ᠳ᠋ᠤ᠌ ᠴᠢᠰᠤ ᠨᠢ ᠦᠰᠦᠷᠦᠭᠡᠳ ᠨᠣᠭᠣᠭᠠᠨ ᠳᠠᠷᠢ ᠡᠬᠡ ᠶ᠋ᠢᠨ ᠬᠠᠴᠠᠷ ᠳᠡᠭᠡᠷ᠎ᠡ ᠲᠤᠰᠴᠢᠬᠠᠯ᠎ᠠ ᠂ ᠪᠢ ᠰᠡᠯᠡᠮ᠎ᠡ ᠪᠡᠷ ᠴᠢᠰᠤ ᠶ᠋ᠢ ᠬᠤᠰᠤᠵᠤ ᠠᠪᠬᠤ ᠠ᠋ᠴᠠ ᠠᠶᠤᠭᠠᠳ ᠬᠡᠯᠡ ᠪᠡᠷ ᠢ᠋ᠶ᠋ᠡᠨ ᠳᠣᠯᠢᠶᠠᠵᠤ ᠠᠷᠢᠯᠭᠠᠭᠰᠠᠨ ᠶᠤᠮ ᠂ ᠬᠠᠷᠢᠨ ᠲᠠᠨ ᠤ᠋ ᠬᠠᠲᠤᠨ ᠳ᠋ᠤ᠌ ᠰᠠᠨᠠᠭ᠎ᠠ ᠲᠠᠢ ᠪᠠᠢᠭᠰᠠᠨ ᠪᠢᠰᠢ ᠠ᠋ ! ᠭᠡᠲᠡᠯ᠎ᠡ ᠲᠠ ᠨᠠᠮ᠎ᠠ ᠶ᠋ᠢ ᠬᠠᠲᠤᠨ ᠳ᠋ᠤ᠌ ᠬᠠᠯᠲᠠᠯ᠎ᠠ ᠭᠡᠵᠦ ᠬᠣᠶᠠᠷ ᠨᠢᠳᠦ ᠶ᠋ᠢ ᠮᠢᠨᠢ ᠰᠣᠬᠣᠯᠵᠤ ᠬᠠᠶᠠᠭᠰᠠᠨ ᠪᠢᠰᠢᠦ ? ᠲᠡᠷᠡ ᠦᠨᠡᠨ ᠢ᠋ ᠪᠢ ᠣᠳᠣ ᠲᠠᠨ ᠳ᠋ᠤ᠌ ᠭᠡᠷᠡᠴᠢᠯᠡᠨ᠎ᠡ ! ᠭᠡᠳ ᠬᠥᠮᠦᠨ ᠦ᠌ ᠦᠰᠦ᠋ (ᠰᠦ)᠂ ᠰᠠᠷᠯᠤᠭ ᠤ᠋ᠨ ᠦᠰᠦ᠋᠂ ᠬᠣᠨᠢ ᠶ᠋ᠢᠨ ᠦᠰᠦ᠋᠂ᠢᠮᠠᠭᠠᠨ ᠤ᠋ ᠦᠰᠦ᠋ ᠶ᠋ᠢ ᠬᠣᠯᠢᠵᠤ ᠠᠶᠠᠭ᠎ᠠ ᠳᠦᠭᠦᠷᠭᠡᠭᠡᠳ ᠡᠮᠦᠨ᠎ᠡ ᠪᠡᠨ ᠲᠠᠯᠪᠢᠴᠢᠬᠠᠭᠠᠳ  ᠰᠠᠭᠠᠳᠠᠭ ᠢ᠋ᠶ᠋ᠠᠨ ᠠᠪᠤᠨ ᠲᠩᠷᠢ ᠥᠭᠡᠳᠡ ᠨᠢᠭᠡ ᠬᠠᠷᠪᠤᠭᠠᠳ ᠄ 
       – ᠵᠠ᠂ ᠬᠠᠭᠠᠨ ᠮᠢᠨᠢ ᠦᠵᠡᠵᠦ ᠪᠠᠢ! ᠬᠡᠮᠡᠷᠭᠡᠨ ( ᠬᠡᠷᠪᠡ ) ᠲᠡᠷᠡ ᠦᠶ᠎ᠡ ᠳ᠋ᠦ᠍ ᠪᠢ ᠬᠠᠲᠤᠨ ᠳ᠋ᠤ᠌ ᠴᠢᠨᠢ ᠰᠠᠨᠠᠭ᠎ᠠ ᠲᠠᠢ ᠪᠠᠢᠭᠰᠠᠨ ᠪᠣᠯ ᠡᠨᠡ ᠰᠠᠭᠠᠳᠠᠭ ᠤ᠋ᠨ ᠰᠦᠮᠪᠦ ᠨᠢ ᠡᠷᠭᠢᠵᠦ ᠢᠷᠡᠭᠡᠳ ᠮᠢᠨᠦ ᠣᠷᠣᠢ ᠳᠡᠭᠡᠷ᠎ᠡ ᠲᠣᠰᠴᠤ ᠪᠢ ᠦᠬᠦᠬᠦ ᠶᠦᠮ ᠂ ᠬᠡᠮᠡᠷᠭᠡᠨ ᠪᠢᠰᠢ ᠪᠠᠢᠭᠰᠠᠨ ᠪᠣᠯ ᠡᠨᠡ ᠰᠦᠮᠪᠦ ᠠᠶᠠᠭ᠎ᠠ ᠲᠠᠢ ᠦᠰᠦᠨ ( ᠰᠦ ) ᠳ᠋ᠦ᠍ ᠲᠣᠰᠴᠤ ᠂ ᠦᠰᠦᠨ ᠨᠢ ᠮᠢᠨᠦ ᠨᠢᠳᠦᠨ ᠥᠭᠡᠳᠡ  ᠴᠠᠴᠤᠷᠠᠭᠠᠳ ᠪᠢ ᠳᠠᠬᠢᠨ ᠬᠠᠷᠠᠭ᠎ᠠ ᠲᠠᠢ ᠪᠣᠯᠬᠤ ᠶᠤᠮ ᠭᠡᠬᠦ ᠳ᠋ᠦ᠍᠂ᠰᠠᠭᠠᠳᠠᠭ ᠤ᠋ᠨ ᠰᠦᠮᠪᠦ ᠨᠢ ᠦᠨᠡᠬᠡᠷ ᠠᠶᠠᠭ᠎ᠠ ᠲᠠᠢ ᠦᠰᠦᠨ ᠤᠷᠤᠭᠤ ᠨᠢ ᠤᠨᠠᠵᠤ ᠢᠷᠡᠭᠡᠳ᠂ ᠦᠰᠦᠨ ᠨᠢᠳᠦ ᠥᠭᠡᠳᠡ ᠨᠢ  ᠴᠠᠴᠤᠷᠠᠵᠤ ᠂ ᠬᠣᠢᠲᠤ ᠮᠡᠷᠭᠡᠨ ᠲᠡᠮᠦᠨᠡ ᠳᠠᠬᠢᠨ ᠤᠭ ᠤ᠋ᠨ ᠠᠳᠠᠯᠢ ᠬᠠᠷᠠᠭ᠎ᠠ ᠲᠠᠢ ᠪᠣᠯᠵᠤ ᠭᠡᠨ᠎ᠡ᠃ ᠡᠭᠦᠨ ᠳ᠋ᠦ᠍ ᠬᠠᠭᠠᠨ ᠶᠠᠭᠠᠬᠢᠬᠤ ᠠᠷᠭ᠎ᠠ ᠦᠭᠡᠢ ᠢᠲᠡᠭᠡᠵᠦ ᠂ ᠭᠡᠮ ᠬᠣᠣᠷ ᠦᠭᠡᠢ ᠠᠴᠢᠲᠠᠢ ᠬᠥᠮᠦᠨ ᠢ᠋ᠶ᠋ᠡᠨ ᠬᠢᠯᠢᠰᠳᠡᠭᠦᠯᠵᠦ ᠬᠡᠳᠦᠨ ᠵᠢᠯ ᠵᠣᠪᠠᠭᠠᠭᠰᠠᠨ ᠳ᠋ᠠᠭᠠᠨ ᠭᠣᠮᠣᠳᠠᠬᠤ ᠶ᠋ᠢᠨ ᠶᠡᠬᠡ ᠪᠡᠷ ᠭᠣᠮᠣᠳᠠᠵᠤ ᠮᠡᠷᠭᠡᠨ ᠲᠡᠮᠦᠨᠡ ᠶ᠋ᠢᠨ ᠡᠮᠦᠨ᠎ᠡ ᠪᠤᠷᠤᠭᠤ ᠬᠦᠯᠢᠶᠡᠨ ᠰᠥᠭᠥᠳᠴᠦ ᠭᠡᠨ᠎ᠡ᠃ ᠲᠡᠭᠡᠴᠢᠭᠡᠳ ᠮᠡᠷᠭᠡᠨ ᠲᠡᠮᠦᠨᠡ ᠶ᠋ᠢᠨ ᠬᠥᠷ (ᠭᠦᠵᠢᠷ) ᠬᠢᠯᠢᠰ ᠢ᠋ ᠴᠠᠭᠠᠳᠬᠠᠨ ᠣᠷᠳᠣᠨ ᠳ᠋ᠠᠭᠠᠨ ᠵᠠᠯᠠᠨ ᠬᠦᠨᠳᠦᠯᠡᠵᠦ᠂ ᠶᠡᠬᠡ ᠪᠡᠯᠡᠭ ᠰᠡᠯᠲᠡ ᠱᠠᠩ ᠬᠦᠷᠲᠡᠭᠡᠮᠵᠢ ᠥᠭᠭᠦᠭᠡᠳ ᠬᠠᠷᠢᠬᠤ ᠦᠶ᠎ᠡ ᠳ᠋ᠦ᠍ᠨᠢ ᠲᠤᠰᠬᠠᠢ ᠬᠥᠮᠦᠰ ᠲᠣᠮᠢᠯᠠᠨ ᠭᠡᠷ ᠲᠦ᠋ᠨᠢ ᠬᠦᠷᠭᠡᠭᠦᠯᠵᠦ ᠭᠡᠨ᠎ᠡ ᠃ ᠬᠦᠦ ᠪᠡᠷᠢ ᠬᠣᠶᠠᠷ ᠨᠢ ᠠᠪᠤ ᠶ᠋ᠢᠨ ᠢ᠋ᠶ᠋ᠡᠨ《ᠬᠠᠷᠠᠭ᠎ᠠ ᠨᠢᠳᠦ ᠪᠡᠨ ᠣᠯᠵᠤ ᠂ ᠬᠠᠷ᠎ᠠ ᠬᠥᠷ ᠡᠴᠡ ᠰᠠᠯᠤᠭᠠᠳ ᠂ ᠪᠠᠶᠠᠨ ᠪᠠᠷᠠᠭ᠎ᠠ ᠲᠠᠢ ᠂ ᠨᠣᠶᠠᠨ ᠪᠠᠷ᠎ᠠ ᠲᠠᠢ 》ᠬᠠᠷᠢᠵᠤ ᠢᠷᠡᠬᠦ ᠶ᠋ᠢ ᠦᠵᠡᠭᠡᠳ ᠤᠬᠠᠭᠠᠨ ᠦᠭᠡᠢ ᠪᠠᠶᠠᠷᠯᠠᠵᠤ ᠭᠡᠨ᠎ᠡ᠃  ᠵᠠ᠂ ᠡᠭᠦᠨ ᠡᠴᠡ ᠬᠣᠢᠰᠢ ᠬᠣᠢᠲᠤ ᠮᠡᠷᠭᠡᠨ ᠲᠡᠮᠦᠨᠡ ᠪᠠᠰᠠ ᠯᠠ ᠠᠩ ᠬᠦᠷᠦᠭᠡ ᠬᠢᠵᠦ ᠠᠮᠢᠳᠤᠷᠠᠬᠤ ᠪᠣᠯᠵᠤ ᠭᠡᠨ᠎ᠡ ᠃ ᠨᠢᠭᠡᠨ ᠡᠳᠦᠷ ᠬᠦᠦ ᠨᠢ ᠭᠠᠷᠤᠭᠠᠳ ᠪᠠᠰᠠ ᠨᠢᠭᠡ《ᠮᠡᠯᠡᠬᠡᠢᠲᠦ  ᠪᠤᠭᠤ 》ᠠᠯᠠᠭᠠᠳ ᠢᠷᠡᠵᠡᠢ᠃ ᠠᠪᠤ ᠨᠢ ᠦᠵᠡᠭᠡᠳ ᠮᠥᠨ ᠤᠭ ᠤ᠋ᠨ ᠢ᠋ᠶ᠋ᠠᠨ ᠠᠳᠠᠯᠢ ᠬᠤᠷᠳᠤᠬᠠᠨ ᠣᠴᠢᠵᠤ ᠮᠢᠬ᠎ᠠ ᠶ᠋ᠢ ᠨᠢ ᠵᠢᠭᠠᠬᠠᠨ ᠴᠦ᠍ ᠦᠯᠡᠳᠡᠭᠡᠯ ᠦᠭᠡᠢ ᠪᠣᠷᠴᠠᠯᠠᠵᠤ ᠭᠡᠨ᠎ᠡ᠃ ᠴᠣᠬᠣᠮ ᠶᠠᠮᠠᠷ ᠤᠴᠢᠷ ᠠ᠋ᠴᠠ ᠢᠩᠭᠢᠳᠡᠭ ᠢ᠋ ᠬᠡᠴᠢᠨᠡᠨ ᠰᠤᠷᠠᠭᠠᠳ ᠴᠦ᠍ ᠬᠡᠯᠡᠵᠦ ᠥᠭᠳᠡᠭ ᠦᠭᠡᠢ ᠶ᠋ᠢ ᠬᠦᠦ ᠪᠡᠷᠢ ᠬᠣᠶᠠᠷ ᠨᠢ ᠮᠡᠳᠡᠬᠦ ᠪᠣᠯᠬᠣᠷ ᠵᠦᠭᠡᠷ ᠯᠡ ᠤᠬᠠᠭᠠᠨ ᠢ᠋ ᠨᠢ ᠣᠯᠬᠤ ᠦᠭᠡᠢ ᠬᠠᠷᠠᠵᠤ ᠬᠣᠴᠣᠷᠴᠠᠢ᠃  
       ᠨᠢᠭᠡᠨ ᠡᠳᠦᠷ ᠠᠷᠠᠪᠰᠠᠷ ᠪᠠᠢᠬᠤ ᠦᠭᠡᠢ ᠳ᠋ᠦ᠍ ᠪᠡᠷᠢ ᠨᠢ᠄  
       –《ᠮᠡᠯᠡᠬᠡᠢᠲᠦ ᠪᠤᠭᠤ》 ᠶ᠋ᠢᠨ ᠮᠢᠬ᠎ᠠ ᠶ᠋ᠢ ᠵᠠᠪᠠᠯ ᠪᠣᠷᠴᠠᠯᠠᠨ ᠢᠳᠡᠳᠡᠭ ᠨᠢ ᠶᠠᠮᠠᠷ ᠤᠬᠠᠭᠠᠨ ᠲᠠᠢ ᠶᠤᠮ ᠪᠣᠢ? ᠭᠡᠵᠦ ᠠᠪᠤ ᠠ᠋ᠴᠠ ᠪᠠᠨ ᠠᠰᠠᠭᠤᠵᠤ ᠭᠡᠨ᠎ᠡ ᠃ ᠮᠡᠷᠭᠡᠨ ᠲᠡᠮᠦᠨᠡ ᠬᠡᠰᠡᠭ ᠪᠣᠳᠣᠵᠤ ᠰᠠᠭᠤᠭᠰᠠᠨ ᠢ᠋ᠶ᠋ᠠᠨ ᠄  
       –《ᠮᠡᠯᠡᠬᠡᠢᠲᠦ ᠪᠤᠭᠤ 》 ᠶ᠋ᠢᠨ ᠮᠢᠬ᠎ᠠ ᠬᠥᠮᠦᠨ ᠦ᠌ ᠲᠠᠷᠢᠬᠢ ᠳ᠋ᠤ᠌ ᠶᠡᠬᠡ ᠰᠠᠢᠨ ᠪᠠᠢᠳᠠᠭ ᠪᠢᠯᠡ᠃ᠡᠢᠮᠦ ᠡᠴᠡ ᠪᠣᠷᠴᠠᠯᠠᠨ ᠢᠳᠡᠬᠦ ᠦᠭᠡᠢ ᠪᠣᠯ ᠬᠥᠮᠦᠨ ᠪᠦᠷ ᠥᠩᠭᠡᠷᠡᠦ ᠬᠤᠷᠴᠠ ᠤᠬᠠᠭᠠᠨ ᠲᠠᠢ ᠪᠣᠯᠳᠠᠭ ᠭᠡᠵᠦ ᠬᠡᠯᠡᠭᠡᠳ ᠥᠭᠴᠡᠢ᠃ ᠲᠡᠭᠡᠬᠦ ᠳ᠋ᠦ᠍ ᠪᠡᠷᠢ ᠨᠢ ᠄ 
       – ᠬᠥᠶᠢ ᠲᠡᠢᠮᠦ ᠪᠣᠯᠪᠠᠯ ᠪᠣᠷᠴᠠᠯᠠᠭᠰᠠᠨ ᠦᠭᠡᠢ ᠮᠢᠬ᠎ᠠ ᠠ᠋ᠴᠠ ᠨᠢ ᠡᠭᠦᠨ ᠳ᠋ᠦ᠍ (ᠠᠷᠠᠪᠰᠠᠷ ᠢ᠋ ᠵᠢᠭᠠᠵᠠᠢ) ᠵᠢᠭᠠᠬᠠᠨ ᠢᠳᠡᠭᠦᠯᠴᠢᠬᠡᠪᠡᠯ ᠤᠬᠠᠭ᠎ᠠ ᠰᠠᠨᠠᠭ᠎ᠠ ᠵᠢᠭᠠᠬᠠᠨ ᠨᠡᠮᠡᠭᠳᠡᠬᠦ ᠪᠣᠯᠪᠠᠤ? ᠭᠡᠵᠦ ᠰᠤᠷᠠᠬᠤ ᠳ᠋ᠤ᠌ ᠮᠡᠷᠭᠡᠨ ᠲᠡᠮᠦᠨᠡ ᠄  
       – ᠤᠬᠠᠭ᠎ᠠ ᠰᠠᠨᠠᠭ᠎ᠠ ᠨᠡᠮᠡᠭᠳᠡᠬᠦ ᠪᠡᠷ ᠴᠦ᠍ ᠨᠡᠮᠡᠭᠳᠡᠨ᠎ᠡ ᠂ ᠭᠡᠪᠡᠴᠦ ᠲᠡᠭᠡᠵᠦ ᠪᠣᠯᠬᠤ ᠦᠭᠡᠢ ᠭᠡᠵᠦ ᠲᠣᠯᠣᠭᠠᠢ ᠪᠠᠨ ᠰᠠᠵᠢᠵᠤ ᠭᠡᠨ᠎ᠡ᠃ 
       – ᠶᠠᠭᠠᠬᠢᠭᠠᠳ ᠲᠡᠷᠡ ᠪᠣᠢ? ᠭᠡᠬᠦ ᠳ᠋ᠦ᠍ 
       – ᠪᠢ ᠥᠪᠡᠷ ᠦ᠋ᠨ ᠦᠷ᠎ᠡ ᠳ᠋ᠡᠭᠡᠨ ᠬᠠᠷ᠎ᠠ ᠰᠠᠨᠠᠵᠤ ᠪᠠᠢᠭ᠎ᠠ ᠪᠢᠰᠢ ᠂ ᠬᠠᠷᠢᠨ ᠴᠠᠭ᠎ᠠ ᠰᠠᠨᠠᠭ᠎ᠠ ᠪᠠᠢᠨ᠎ᠠ ᠃ ᠬᠡᠮᠡᠷᠭᠡᠨ ᠠᠷᠠᠪᠰᠠᠷ ᠪᠠᠰᠠ ᠪᠢᠳᠡ ᠬᠣᠶᠠᠷ ᠲᠠᠢ ᠠᠳᠠᠯᠢ ᠬᠥᠮᠦᠨ ᠡᠴᠡ ᠬᠡᠳᠦ ᠤᠬᠠᠭ᠎ᠠ ᠲᠠᠢ ᠪᠣᠯᠴᠢᠬᠠᠪᠠᠯ ᠂ ᠡᠨᠡ ᠭᠡᠷ ᠵᠠᠳᠠᠷᠠᠵᠤ ᠰᠠᠷᠨᠢᠬᠤ ᠨᠢ ᠲᠡᠷᠡ᠂ ᠨᠢᠭᠡ ᠭᠡᠷ ᠲᠦ᠍ ᠭᠤᠷᠪᠠᠨ ᠠᠳᠠᠯᠢ ᠤᠬᠠᠭᠠᠨ ᠲᠠᠢ ᠬᠥᠮᠦᠨ ᠬᠠᠮᠲᠤ ᠠᠮᠢᠳᠤᠷᠠᠵᠤ ᠴᠢᠳᠠᠳᠠᠭ ᠶᠣᠰᠣᠨ ᠦᠭᠡᠢ ᠶᠦᠮ ᠭᠡᠵᠦ ᠠᠪᠤ ᠨᠢ ᠬᠡᠯᠡᠵᠦ ᠭᠡᠨ᠎ᠡ᠃ ᠲᠡᠭᠦᠨ ᠡᠴᠡ ᠬᠣᠢᠰᠢ ᠪᠡᠷᠢ ᠨᠢ ᠪᠣᠳᠣᠭᠠᠳ ᠪᠣᠳᠣᠭᠠᠳ ᠪᠠᠢᠬᠤ ᠳ᠋ᠤ᠌ ᠡᠷ᠎ᠡ ᠨᠥᠬᠥᠷ ᠨᠢ ᠠᠷᠠᠢ ᠴᠦ᠍ ᠨᠢᠭᠡ ᠬᠡᠲᠦᠷᠡᠭᠦᠦ ᠲᠡᠨᠡᠭ ᠪᠠᠢᠬᠤ ᠰᠢᠭ᠋ ᠪᠣᠳᠣᠭᠳᠠᠵᠤ ᠄ ᠦᠭᠡᠢ᠂ ᠶᠡᠷᠦ ᠲᠡᠢᠮᠦ ᠴᠦ᠍ ᠶᠡᠬᠡ ᠤᠬᠠᠭ᠎ᠠ ᠬᠡᠷᠡᠭ ᠦᠭᠡᠢ᠂ ᠵᠢᠭᠠᠬᠠᠨ ᠯᠠ ᠤᠬᠠᠭᠠᠨᠲᠠᠢ ᠪᠣᠯᠪᠠᠯ ᠪᠣᠯᠴᠢᠬᠠᠨ᠎ᠠ ᠭᠡᠵᠦ ᠬᠦᠰᠡᠭᠡᠳ᠂ ᠠᠪᠤ ᠠ᠋ᠴᠠ ᠪᠠᠨ ᠨᠢᠭᠤᠨ ᠪᠠᠢᠵᠤ ᠪᠣᠷᠴᠠᠯᠠᠭ᠎ᠠ ᠦᠭᠡᠢ《ᠮᠡᠯᠡᠬᠡᠢᠲᠦ ᠪᠤᠭᠤ》 ᠶ᠋ᠢᠨ ᠮᠢᠬ᠎ᠠ ᠠ᠋ᠴᠠ ᠨᠢᠭᠡ ᠵᠢᠭᠠᠬᠠᠨ ᠠᠪᠴᠤ ᠴᠢᠨᠠᠭᠠᠳ ᠠᠷᠠᠪᠰᠠᠷ ᠲᠤ᠌ ᠢᠳᠡᠭᠦᠯᠵᠦ ᠭᠡᠨ᠎ᠡ᠃ ᠡᠭᠦᠨ ᠡᠴᠡ ᠯᠡ ᠡᠬᠢᠯᠡᠭᠡᠳ ᠠᠷᠠᠪᠰᠠᠷ ᠤ᠋ᠨ ᠤᠬᠠᠭ᠎ᠠ ᠦᠨᠡᠬᠡᠷ ᠡᠳᠦᠷ ᠡᠴᠡ ᠡᠳᠦᠷ ᠰᠠᠷᠠᠭᠤᠯᠲᠠᠵᠤ᠂ ᠶᠠᠭᠤᠮᠠᠨ ᠤ᠋ ᠤᠬᠠᠭᠠᠨ ᠢ᠋ ᠪᠣᠳᠣᠵᠤ ᠰᠡᠳᠬᠢᠵᠦ ᠴᠢᠳᠠᠬᠤ ᠪᠥᠭᠡᠳ ᠥᠪᠡᠷ ᠢ᠋ᠶ᠋ᠡᠨ ᠴᠦ᠍ ᠠᠷᠭ᠎ᠠ ᠤᠬᠠᠭᠠᠨ ᠭᠠᠷᠭᠠᠵᠤ ᠴᠢᠳᠠᠳᠠᠭ ᠪᠣᠯᠪᠠ ᠭᠡᠨ᠎ᠡ᠃ ᠨᠢᠭᠡᠨ ᠡᠳᠦᠷ ᠠᠷᠠᠪᠰᠠᠷ ᠪᠠᠰᠠ ᠯᠠ ᠤᠭ ᠤ᠋ᠨ ᠠᠳᠠᠯᠢ ᠭᠠᠳᠠᠭᠰᠢ ᠭᠠᠷᠤᠭᠠᠳ ᠵᠡᠭᠡᠷ᠎ᠡ ᠬᠠᠷᠪᠤᠨ ᠳᠠᠪᠬᠢᠵᠤ ᠪᠠᠢᠲᠠᠯ᠎ᠠ ᠰᠠᠭᠠᠳᠠᠭ ᠤ᠋ᠨ ᠰᠦᠮᠪᠦᠨ ᠳ᠋ᠦ᠍ᠨᠢ ᠨᠢᠭᠡ ᠬᠡᠭᠡᠯ ᠲᠡᠢ ᠰᠢᠷᠠᠭᠴᠢᠨ ᠣᠨᠣᠭᠳᠠᠭᠠᠳ ᠬᠡᠪᠡᠯᠢ ᠨᠢ ᠵᠠᠳᠠᠷᠠᠵᠤ ᠳᠣᠲᠣᠷ᠎ᠠ ᠠ᠋ᠴᠠ ᠨᠢ ᠨᠢᠭᠡ ᠡᠳᠦᠷ ᠰᠠᠷ᠎ᠠ ᠨᠢ ᠭᠦᠢᠴᠡᠭᠡ ᠦᠭᠡᠢ ᠢᠨᠵᠠᠭ᠎ᠠ ᠭᠠᠷᠤᠭᠠᠳ ᠤᠨᠠᠴᠢᠬᠠᠪᠠ ᠭᠡᠨ᠎ᠡ᠃ ᠠᠷᠠᠪᠰᠠᠷ ᠤ᠋ᠨ ᠵᠢᠷᠦᠬᠡ 《ᠬᠥᠪ 》ᠭᠡᠵᠦ ᠳᠣᠯᠭᠢᠰᠤᠨ ᠬᠠᠷᠠᠵᠤ ᠴᠢᠳᠠᠮᠠᠷ ᠦᠭᠡᠢ ᠪᠣᠯᠬᠤ ᠳ᠋ᠠᠭᠠᠨ ᠨᠢᠳᠦ ᠪᠡᠨ ᠠᠨᠢᠵᠤ ᠭᠡᠨ᠎ᠡ᠃ ᠠᠨᠢᠵᠤ ᠪᠠᠢᠭᠠᠳ ᠳᠠᠬᠢᠨ ᠨᠢᠭᠡ ᠬᠠᠷᠠᠬᠤ ᠳ᠋ᠤ᠌ ᠰᠠᠢᠬᠢ ᠢᠨᠵᠠᠭ᠎ᠠ ᠮᠣᠷᠢᠨ ᠤ᠋ ᠬᠢᠨᠢ ᠣᠮᠣᠷᠤᠤ ᠳᠣᠣᠷ᠎ᠠ ᠤᠨᠠᠵᠤ ᠪᠣᠰᠤᠨ ᠡᠬᠡ ᠶ᠋ᠢᠨ ᠢ᠋ᠶ᠋ᠡᠨ ᠬᠣᠢᠨ᠎ᠠ ᠠ᠋ᠴᠠ ᠵᠤᠯᠠᠵᠤ ᠪᠠᠢᠨ᠎ᠠ ᠭᠡᠨ᠎ᠡ ᠃ ᠠᠷᠠᠪᠰᠠᠷ ᠤ᠋ᠨ ᠦᠷᠦ ᠵᠢᠷᠦᠬᠡ ᠨᠢ ᠭᠣᠣᠯ ᠠ᠋ᠴᠠ ᠪᠠᠨ ᠤᠶᠠᠷᠠᠵᠤ᠄ ᠡᠪᠡᠢ ᠬᠥᠭᠡᠷᠦᠬᠦᠢ ᠂ ᠡᠢᠮᠦ ᠥᠬᠥᠭᠡᠷᠲᠡᠢ ( ᠬᠥᠭᠡᠷᠦᠬᠦᠨ )ᠠᠮᠢᠲᠠᠨ ᠢ᠋ ᠪᠢ ᠶᠠᠭᠤᠨ ᠳ᠋ᠤ᠌ ᠬᠠᠷᠪᠤᠯ᠎ᠠ ᠳᠠ?》ᠭᠡᠵᠦ ᠪᠣᠳᠣᠨ ᠪᠣᠳᠣᠨ ᠭᠣᠮᠣᠳᠠᠭᠰᠠᠭᠠᠷ ᠲᠡᠷᠡ ᠮᠥᠷ ᠢ᠋ᠶ᠋ᠡᠷ ᠢ᠋ᠶ᠋ᠡᠨ ᠭᠡᠷ ᠲᠡᠭᠡᠨ ᠬᠠᠷᠢᠵᠤ ᠭᠡᠨ᠎ᠡ ᠃ ᠲᠡᠭᠦᠨ ᠡᠴᠡ ᠬᠣᠢᠰᠢ ᠲᠡᠷᠡ᠂ ᠠᠩ ᠬᠢᠵᠦ ᠠᠮᠢᠲᠠᠨ ᠢ᠋ ᠠᠯᠠᠬᠤ ᠵᠣᠷᠢᠭ ᠦᠭᠡᠢ ᠪᠣᠯᠵᠠᠢ᠃《ᠬᠠᠯᠠᠭᠤᠨ ᠬᠣᠰᠢᠭᠤᠲᠤ ᠠᠮᠢᠲᠠᠨ ᠢ᠋ ᠠᠯᠠᠬᠤ ᠮᠢᠨᠢ ᠶᠠᠭᠤᠨ ᠪᠢᠯᠡ᠂ ᠦᠭᠡᠢ ᠪᠢ ᠶᠡᠷᠦ ᠡᠢᠮᠦ ᠨᠢᠭᠦᠯ ᠬᠢᠯᠢᠨᠴᠡ ᠬᠢᠵᠦ ᠠᠮᠢᠳᠤᠷᠠᠬᠤ ᠶ᠋ᠢᠨ ᠣᠷᠣᠨ ᠳ᠋ᠤ᠌ ᠬᠣᠯᠠ ᠭᠠᠵᠠᠷ ᠶᠠᠪᠤᠵᠤ ᠡᠷᠳᠡᠮ ᠨᠣᠮ ᠰᠤᠷᠤᠯᠴᠠᠭᠠᠳ ᠯᠠᠮᠠ ᠪᠣᠯᠵᠤ ᠠᠮᠢᠳᠤᠷᠠᠪᠠᠯ ᠳᠡᠭᠡᠷ᠎ᠡ ᠦᠭᠡᠢ ᠤᠤ?》ᠭᠡᠵᠦ ᠪᠣᠳᠣᠬᠤ ᠲᠣᠰᠤᠮ ᠲᠡᠰᠬᠡᠯ ᠦᠭᠡᠢ ᠶᠠᠪᠤᠮᠠᠷ ᠰᠠᠨᠠᠭᠳᠠᠵᠤ ᠭᠡᠨ᠎ᠡ᠃ ᠲᠡᠭᠡᠭᠡᠳ ᠨᠢᠭᠡᠨ ᠡᠳᠦᠷ ᠠᠪᠤ ᠶ᠋ᠢᠨ ᠢ᠋ᠶ᠋ᠡᠨ ᠡᠮᠦᠨ᠎ᠡ ᠣᠴᠢᠵᠤ ᠄  
       – ᠡᠦᠲᠦ ᠪᠢ ᠠᠮᠢᠲᠠᠨ ᠠᠯᠠᠵᠤ ᠨᠢᠭᠦᠯ ᠬᠢᠬᠦ ᠦᠭᠡᠢ᠂ ᠬᠣᠯᠠ ᠶᠠᠪᠤᠵᠤ ᠨᠣᠮ ᠬᠠᠷ᠎ᠠ ᠴᠡᠭᠡᠵᠢᠯᠡᠭᠡᠳ ᠯᠠᠮᠠ ᠪᠣᠯᠤᠨ᠎ᠠ ᠭᠡᠵᠦ ᠬᠡᠯᠡᠭᠡᠳ ᠠᠯᠲᠠᠨ ᠵᠣᠣ ᠶ᠋ᠢ ᠴᠢᠭᠯᠡᠨ ᠮᠣᠷᠳᠠᠵᠤ ᠭᠡᠨ᠎ᠡ ᠃ ᠲᠡᠭᠡᠬᠦ ᠳ᠋ᠦ᠍ ᠠᠪᠤ ᠨᠢ ᠄ ᠲᠡᠷᠡ ᠲᠡᠨᠡᠭ ᠠᠮᠢᠲᠠᠨ ᠶᠠᠪᠤᠵᠤ ᠶᠠᠪᠤᠵᠤ ᠡᠰᠡ ᠪᠣᠯᠬᠤ ᠳ᠋ᠠᠭᠠᠨ ᠪᠤᠴᠠᠭᠠᠳ ᠢᠷᠡᠬᠦ ᠪᠠᠢᠯᠭᠦᠢ ᠭᠡᠵᠦ ᠪᠣᠳᠣᠭᠠᠳ ᠰᠠᠨᠠᠭ᠎ᠠ ᠲᠠᠢᠪᠤᠩ ᠰᠠᠭᠤᠵᠤ ᠪᠠᠢᠵᠤ ᠭᠡᠨ᠎ᠡ ᠃ ᠭᠡᠲᠡᠯ᠎ᠡ ᠤᠴᠢᠷ ᠲᠠᠢ ᠪᠡᠷᠢ ᠨᠢ ᠯᠡ ᠰᠠᠨᠠᠭ᠎ᠠ ᠠᠮᠤᠷ ᠦᠭᠡᠢ ᠪᠠᠢᠵᠤ᠂ ᠪᠠᠢᠨ ᠳᠠᠬᠢᠨ ᠳᠤᠷᠠᠰᠤᠨ ᠡᠳᠦᠷ ᠬᠣᠨᠣᠭ ᠲᠣᠭᠠᠯᠠᠭᠠᠳ ᠪᠠᠢᠳᠠᠭ ᠭᠡᠨ᠎ᠡ ᠃ ᠬᠦᠯᠢᠶᠡᠭᠡᠳ ᠬᠦᠯᠢᠶᠡᠭᠡᠳ ᠰᠠᠷ᠎ᠠ ᠵᠢᠯ ᠪᠣᠯᠪᠠ ᠭᠡᠨ᠎ᠡ ᠂ ᠠᠷᠠᠪᠰᠠᠷ ᠡᠷᠭᠢᠵᠦ ᠢᠷᠡᠭᠰᠡᠨ ᠦᠭᠡᠢ᠂ ᠲᠡᠭᠡᠬᠦ ᠳ᠋ᠦ᠍ ᠪᠡᠷᠢ ᠨᠢ ᠄  
       – ᠠᠷᠤ ᠠ᠋ᠴᠠ ᠨᠢ ᠶᠠᠪᠤᠯ ᠦᠭᠡᠢ ᠲᠤᠰᠠ ᠦᠭᠡᠢ ᠪᠣᠯᠤᠯ᠎ᠠ ᠂ ᠪᠢ ᠣᠯᠵᠤ ᠠᠪᠤᠭᠠᠳ ᠳᠠᠭᠠᠭᠤᠯᠤᠭᠠᠳ ᠢᠷᠡᠶ᠎ᠡ ᠬᠦᠯᠢᠶᠡᠵᠦ ᠪᠠᠢ!ᠭᠡᠵᠦ ᠬᠡᠯᠡᠭᠡᠳ ᠬᠡᠦᠬᠡᠦᠰ ᠢ᠋ᠶ᠋ᠡᠨ ᠡᠭᠦᠷᠦᠨ ᠡᠷ᠎ᠡ ᠶ᠋ᠢᠨ ᠢ᠋ᠶ᠋ᠡᠨ ᠶᠠᠪᠤᠭᠰᠠᠨ ᠵᠦᠭ ᠢ᠋ ᠮᠥᠷᠳᠡᠨ ᠮᠣᠷᠳᠠᠵᠤ ᠭᠡᠨ᠎ᠡ ᠂ ᠬᠣᠢᠲᠤ ᠮᠡᠷᠭᠡᠨ ᠲᠡᠮᠦᠨᠡ ᠭᠠᠭᠴᠠᠭᠠᠷ ᠰᠠᠭᠤᠵᠤ ᠬᠣᠴᠣᠷᠤᠨ ᠬᠦᠯᠢᠶᠡᠵᠦ ᠭᠡᠨ᠎ᠡ ᠃ ᠵᠢᠯ ᠦ᠋ᠨ ᠵᠢᠯ ᠳ᠋ᠦ᠍ ᠴᠢᠮᠡᠭᠡ ᠰᠤᠷᠠᠭ ᠲᠠᠭ ᠶᠠᠭ ᠭᠡᠨ᠎ᠡ ᠃ 
       ᠬᠡᠳᠦᠨ ᠵᠢᠯ ᠦ᠋ᠨ ᠠᠷᠤ ᠳ᠋ᠤ᠌ (ᠳᠠᠷᠠᠭ᠎ᠠ) ᠦᠷ᠎ᠡ ᠶ᠋ᠢᠨ ᠢ᠋ᠶ᠋ᠡᠨ ᠬᠣᠢᠨ᠎ᠠ ᠠ᠋ᠴᠠ ᠬᠠᠷᠠᠭ᠎ᠠ ᠪᠠᠨ ᠰᠢᠪᠬᠠᠨ ᠬᠦᠯᠢᠶᠡᠬᠦ ᠶ᠋ᠢᠨ ᠴᠥᠬᠥᠷᠡᠯ ᠢ᠋ ᠠᠮᠰᠠᠵᠤ ᠰᠠᠭᠤᠭᠰᠠᠨ ᠬᠣᠢᠲᠤ ᠮᠡᠷᠭᠡᠨ ᠲᠡᠮᠦᠨᠡ ᠪᠠᠰᠠ ᠨᠡᠭᠦᠭᠡᠳ ᠶᠠᠪᠤᠭᠰᠠᠨ ᠭᠡᠨ᠎ᠡ᠃ ᠴᠣᠬᠣᠮ ᠬᠠᠭᠠᠷ᠎ᠠ (ᠬᠠᠮᠢᠭᠠᠰᠢ) ᠪᠠᠨ ᠨᠡᠭᠦᠭᠰᠡᠨ ᠢ᠋ ᠬᠡᠨ ᠴᠦ᠍ ᠮᠡᠳᠡᠳᠡᠭ ᠦᠭᠡᠢ ᠤᠴᠢᠷ ᠠ᠋ᠴᠠ ᠦᠯᠢᠭᠡᠷ ᠢᠭᠢᠵᠦ (ᠢᠩᠭᠢᠵᠦ) ᠬᠠᠷᠠᠮᠰᠠᠯᠲᠠᠢ ᠲᠠᠰᠤᠷᠠᠳᠠᠭ ᠪᠢᠯᠡ᠃
 
       ᠤᠤᠯ ᠤ᠋ᠨ ᠬᠠᠢᠰᠢ ᠵᠧᠦ ᠶ᠋ᠢᠨ ᠤᠯᠤᠰ ᠲᠥᠷᠥ ᠶ᠋ᠢᠨ ᠵᠥᠪᠯᠡᠯᠭᠡᠨ ᠦ᠌ ᠰᠣᠨᠲᠠᠷᠵᠠ ᠨᠠᠰᠤᠲᠠᠨ ( 75 ᠨᠠᠰᠤᠲᠠᠢ )᠂ ᠤᠤᠯ ᠤ᠋ᠨ ᠳᠠᠪᠤᠰᠤᠨᠭᠣᠪᠢ ᠰᠤᠮᠤᠨ ᠤ᠋ ᠮᠠᠯᠴᠢᠨ ᠳᠣᠪᠵᠢ ᠨᠠᠰᠤᠲᠠᠨ ( 65 ᠨᠠᠰᠤᠲᠠᠢ ) ᠨᠠᠷ ᠤ᠋ᠨ ᠬᠡᠯᠡᠭᠰᠡᠨ ᠢ᠋ ᠴᠡᠪᠰᠢᠭ ᠲᠡᠮᠳᠡᠭᠯᠡᠨ ᠡᠮᠬᠢᠯᠡᠪᠡ ( 1978 ᠣᠨ ᠤ᠋ 11 ᠰᠠᠷ᠎ᠠ )᠃  
 
– – – – 
ᠲᠠᠢᠯᠪᠤᠷᠢ  
①  ᠬᠡᠦᠬᠡᠨ ᠲᠠᠨ ᠤ᠋ ᠳ᠋ᠤ᠌᠂ ᠬᠥᠪᠡᠭᠦᠨ ᠮᠠᠨ ᠤ᠋ ᠳ᠋ᠤ᠌ ᠪᠠᠢᠨ᠎ᠠ ᠭᠡᠰᠡᠨ ᠶᠣᠭᠲᠠᠯᠠᠯ᠃ 
②  ᠵᠠᠮ ᠵᠠᠶᠠᠭ᠎ᠠ ᠨᠢ ᠨᠡᠢᠯᠡᠪᠡᠯ ᠤᠳᠠᠭᠠᠨ ᠵᠢᠷᠭᠠᠨ᠎ᠠ ᠭᠡᠰᠡᠨ ᠤᠳᠬ᠎ᠠ ᠲᠠᠢ ᠶᠣᠭᠲᠠᠯᠠᠯ ᠦᠭᠡ᠃ 
③   ᠲᠠᠨᠢ᠄ ᠴᠢᠨᠢ ᠶ᠋ᠢᠨ ᠬᠦᠨᠳᠦᠳᠬᠡᠯ ᠦᠭᠡ᠃  
④  ᠭᠠ᠄ ᠲᠥᠪᠡᠳ ᠴᠠᠭᠠᠨ ᠲᠣᠯᠣᠭᠠᠢ ᠶ᠋ᠢᠨ ᠨᠢᠭᠡᠳᠦᠭᠡᠷ ᠡᠬᠡᠰᠢᠭ — ᠭᠠ᠃ 
⑤  ᠳᠠᠩᠰᠤtangs᠄ ᠲᠦᠯᠡᠬᠦ ᠳ᠋ᠦ᠍ ᠳᠥᠭᠥᠮ ᠪᠣᠯᠭᠠᠵᠤ ᠬᠠᠪᠲᠠᠭᠠᠢᠯᠠᠨ ᠬᠠᠲᠠᠭᠠᠭᠰᠠᠨ ᠠᠷᠭᠠᠯ᠃ 
⑥  ᠳ᠋ᠠᠨᠴᠢᠨ ᠠᠭᠤᠯᠠ᠄ ᠲᠤᠰ ᠠᠭᠤᠯᠠ ᠬᠥᠬᠡ ᠨᠠᠭᠤᠷ ᠤ᠋ᠨ ᠪᠠᠷᠠᠭᠤᠨ ᠡᠮᠦᠨ᠎ᠡ ᠵᠦᠭ ᠲᠦ᠍ ᠪᠠᠢᠷᠢᠯᠠᠵᠤ ᠪᠣᠢ ᠂ ᠣᠷᠣᠢ ᠨᠢ ᠴᠠᠪᠴᠢᠷᠬᠠᠢ ᠪᠠᠢᠳᠠᠭ᠃ 

          ᠦᠰᠦᠭ ᠠᠮᠢᠯᠠᠭᠤᠯᠤᠭᠰᠠᠨ ᠨᠢ᠄ ᠰᠡᠷᠭᠦᠯᠡᠩ