ᠬᠣᠢᠲᠤ ᠮᠡᠷᠭᠡᠨ ᠲᠡᠮᠦᠨᠡ < ᠭᠤᠷᠪᠠ > Хойд мэргэн төмнө – Гурав ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠢᠲᠤ ᠮᠡᠷᠭᠡᠨ ᠲᠡᠮᠦᠨᠡ < ᠭᠤᠷᠪᠠ > Хойд мэргэн төмнө – Гурав

ᠬᠣᠢᠲᠤ ᠮᠡᠷᠭᠡᠨ ᠲᠡᠮᠦᠨᠡ < ᠭᠤᠷᠪᠠ > Хойд мэргэн төмнө – Гурав

ᠠᠩᠭᠢᠯᠠᠯ:ᠳᠣᠮᠣᠭ ᠦᠯᠢᠭᠡᠷ
2024-02-26

283

ᠬᠣᠢᠲᠤ ᠮᠡᠷᠭᠡᠨ ᠲᠡᠮᠦᠨᠡ < ᠭᠤᠷᠪᠠ >


       ᠬᠣᠢᠲᠤ ᠮᠡᠷᠭᠡᠨ ᠲᠡᠮᠦᠨᠡ ᠲᠠᠩᠭᠤᠳ ᠲᠤ᠌ ᠬᠠᠷᠢᠭᠠᠳ ᠢᠷᠡᠭᠰᠡᠨ ᠵᠠᠩᠭᠢ (ᠰᠤᠷᠠᠭ ᠴᠢᠮᠡᠭᠡ ) ᠶ᠋ᠢ ᠪᠡᠷᠢ ᠨᠢ ᠳᠣᠣᠷ᠎ᠠ ᠪᠠᠨ ᠣᠯᠤᠭᠠᠳ ᠰᠣᠨᠣᠰᠴᠤ ᠭᠡᠨ᠎ᠡ ᠃ ᠭᠡᠪᠡᠴᠦ ᠬᠦᠯᠢᠶᠡᠭᠡᠳ ᠬᠠᠯᠢᠶᠠᠭᠠᠳ ᠭᠤᠷᠪᠠᠨ ᠵᠢᠯ ᠪᠣᠯᠲᠠᠯ᠎ᠠ ᠪᠠᠷ᠎ᠠ ᠴᠢᠮᠡᠭᠡ ᠦᠭᠡᠢ ᠳ᠋ᠦ᠍ ᠨᠢᠭᠡ ᠬᠡᠷᠡᠭ ᠭᠠᠷᠤᠭᠰᠠᠨ ᠢ᠋ ᠨᠢ ᠮᠡᠳᠡᠵᠦ ᠂ ᠶᠠᠭᠠᠬᠢᠵᠤ ᠠᠪᠤᠷᠠᠵᠤ ᠠᠪᠬᠤ ᠠᠷᠭ᠎ᠠ ᠪᠠᠨ ᠪᠣᠳᠣᠵᠤ ᠪᠠᠢᠲᠠᠯ᠎ᠠ ᠨᠢᠭᠡᠨ ᠡᠳᠦᠷ ᠲᠠᠩᠭᠤᠳ ᠤ᠋ᠨ ᠣᠷᠣᠨ ᠠ᠋ᠴᠠ ᠬᠡᠳᠦᠨ ᠬᠥᠮᠦᠨ ᠢᠷᠡᠵᠦ ᠂ ᠬᠠᠭᠠᠨ ᠤ᠋ ᠣᠷᠳᠣᠨ ᠤ᠋ ᠠᠴᠢᠶ᠎ᠠ ᠠᠶᠠᠨ ᠳ᠋ᠤ᠌ ᠬᠠᠮᠤᠭ ᠰᠠᠢᠨ ᠱᠠᠷ ᠠᠪᠤᠨ᠎ᠠ ᠭᠡᠳ ᠶᠠᠪᠤᠵᠤ ᠪᠠᠢᠭᠰᠠᠨ ᠳ᠋ᠤᠨᠢ ᠰᠠᠢᠬᠢ ᠬᠤᠷᠳᠤᠨ ᠱᠠᠷ 《ᠬᠠᠷ᠎ᠠ ᠬᠡᠯᠡᠨ ᠰᠣᠭᠰᠣᠷ》 ᠢ᠋ᠶ᠋ᠠᠨ ᠬᠤᠳᠠᠯᠳᠤᠭᠠᠳ ᠶᠠᠪᠤᠭᠤᠯᠵᠤ ᠭᠡᠨ᠎ᠡ᠃ ᠲᠡᠭᠡᠭᠡᠳ ᠄ ᠠᠪᠤ ᠮᠢᠨᠢ 《ᠬᠠᠷ᠎ᠠ ᠬᠡᠯᠡᠨ ᠰᠣᠭᠰᠣᠷ》 ᠢ᠋ᠶ᠋ᠠᠨ ᠲᠠᠨᠢᠵᠤ ᠠᠪᠤᠭᠠᠳ ᠤᠨᠤᠵᠤ ᠵᠤᠯᠠᠪᠠᠯ ( ᠳᠤᠲᠠᠭᠠᠪᠠᠯ )ᠯᠠᠪ ᠭᠠᠷᠴᠤ ᠢᠷᠡᠵᠦ ᠴᠢᠳᠠᠨ᠎ᠠ ᠭᠡᠵᠦ ᠪᠣᠳᠣᠵᠠᠢ᠃ ᠡᠨᠡ ᠪᠦᠬᠦᠨ ᠢ᠋ ᠨᠢ ᠠᠷᠠᠪᠰᠠᠷ ᠮᠡᠳᠡᠭᠰᠡᠨ ᠴᠦ᠍ ᠦᠭᠡᠢ ᠭᠡᠨ᠎ᠡ᠃ ᠪᠦᠰᠡᠭᠦᠢ ᠨᠢ ᠬᠠᠷᠢᠨ ᠄《 ᠠᠯᠢ ᠡᠳᠦᠷ ᠠᠪᠤ ᠮᠢᠨᠢ < ᠬᠠᠷ᠎ᠠ ᠬᠡᠯᠡᠨ ᠰᠣᠭᠰᠣᠷ > ᠢ᠋ᠶ᠋ᠠᠨ ᠤᠨᠤᠭᠠᠳ ᠭᠡᠨᠡᠳᠲᠡ ᠬᠦᠷᠦᠭᠡᠳ ᠢᠷᠡᠬᠦ ᠪᠠᠢᠬ᠎ᠠ 》ᠭᠡᠵᠦ ᠪᠠᠶᠠᠷᠯᠠᠨ ᠬᠤᠷᠤᠭᠤ ᠳᠠᠷᠤᠵᠤ ᠬᠣᠨᠣᠭ ᠲᠣᠭᠠᠯᠠᠭᠰᠠᠭᠠᠷ ᠪᠠᠢᠪᠠ ᠭᠡᠨ᠎ᠡ᠃ ᠭᠡᠲᠡᠯ᠎ᠡ ᠠᠪᠤ ᠨᠢ ᠢᠷᠡᠭᠰᠡᠨ ᠦᠭᠡᠢ᠂ ᠬᠠᠷᠢᠨ ᠲᠠᠩᠭᠤᠳ ᠤ᠋ᠨ ᠬᠠᠭᠠᠨ ᠤ᠋ ᠣᠷᠳᠣᠨ ᠠ᠋ᠴᠠ ᠭᠤᠷᠪᠠᠨ ᠬᠤ᠌ ᠬᠤ᠌ (ᠬᠣᠲᠣᠩ) ᠡᠯᠴᠢ ᠬᠦᠷᠦᠭᠡᠳ ᠢᠷᠡᠵᠦ ᠭᠡᠨ᠎ᠡ᠃ ᠲᠡᠳᠡ ᠬᠠᠭᠠᠨ ᠤ᠋ ᠵᠥᠪᠰᠢᠶᠡᠷᠡᠯ ᠢ᠋ᠶ᠋ᠡᠷ ᠮᠡᠷᠭᠡᠨ ᠲᠡᠮᠦᠨᠡ ᠶ᠋ᠢᠨ ᠭᠡᠷ ᠲᠡᠭᠡᠨ ᠬᠡᠯᠡᠭᠦᠯᠦᠭᠰᠡᠨ ᠦᠭᠡ ᠶ᠋ᠢ ᠠᠪᠴᠢᠷᠠᠭᠰᠠᠨ ᠪᠠᠢᠵᠠᠢ᠃ ᠮᠡᠷᠭᠡᠨ ᠲᠡᠮᠦᠨᠡ ᠡᠨᠡ ᠭᠤᠷᠪᠠᠨ ᠡᠯᠴᠢ ᠪᠡᠷ ᠶᠠᠮᠠᠷ ᠦᠭᠡ ᠬᠡᠯᠡᠭᠦᠯᠦᠭᠰᠡᠨ ᠪᠣᠢ? ᠭᠡᠬᠦᠯ᠎ᠡ ᠄ 
       - ᠲᠠᠨᠠᠷ ᠣᠴᠢᠭᠠᠳ ᠨᠠᠮᠠᠶ᠋ᠢ ᠶᠣᠰᠣᠲᠠᠢ ᠰᠠᠢᠨ ᠰᠠᠢᠬᠠᠨ ᠠᠮᠢᠳᠤᠷᠠᠵᠤ ᠪᠠᠢᠨ᠎ᠠ ᠭᠡᠵᠦ ᠬᠡᠯᠡ! ᠣᠭᠣᠰᠣᠷ ᠪᠦᠴᠡ ᠦᠭᠡᠢ ᠥᠨᠳᠥᠷ ᠴᠠᠭᠠᠨ ᠥᠷᠭᠥᠭᠡ ᠳ᠋ᠦ᠍ ᠰᠠᠭᠤᠵᠤ ᠂ ᠴᠡᠩᠬᠡᠷ ᠲᠣᠷᠭ᠎ᠠ ᠪᠠᠷ ᠬᠤᠴᠢᠵᠤ᠂ ᠬᠥᠬᠡ ᠬᠡᠪᠢᠰ ᠳᠡᠭᠡᠷ᠎ᠡ ᠬᠥᠯᠪᠡᠷᠢᠵᠦ ᠪᠠᠢᠨ᠎ᠠ ᠭᠡᠵᠦ ᠬᠡᠯᠡ ᠃ ᠶᠠᠰᠤ ᠦᠭᠡᠢ ᠮᠢᠬ᠎ᠠ ᠢᠳᠡᠵᠦ ᠂ ᠰᠢᠭᠠᠷᠤ ᠦᠭᠡᠢ ᠴᠠᠢ ᠤᠤᠭᠤᠵᠤ ᠪᠠᠢᠨ᠎ᠠ ᠬᠡ᠃ ᠡᠳᠦᠷ ᠢ᠋ᠶ᠋ᠡᠷ ᠬᠣᠶᠠᠷ ᠵᠤᠯᠠ ᠪᠠᠷᠢᠵᠤ ᠂ ᠡᠪᠦᠷ ᠳᠣᠲᠣᠷ᠎ᠠ ᠪᠠᠨ ᠵᠡᠭᠦᠦ ᠰᠤᠪᠢᠯᠠᠵᠤ ᠪᠠᠢᠨ᠎ᠠ ᠬᠡ ᠁ ᠮᠠᠨ ᠤ᠋ ᠳ᠋ᠤ᠌ ᠪᠠᠰᠠ ᠭᠤᠷᠪᠠᠨ ᠮᠤᠬᠤᠷ ᠬᠠᠯᠲᠠᠷ ᠢᠷᠭᠡ ᠪᠣᠢ ᠂ ᠨᠢᠭᠡ ᠶ᠋ᠢ ᠨᠢ ᠭᠡᠢᠴᠢᠨ ᠳ᠋ᠦ᠍ ᠰᠢᠭᠦᠰᠦ ᠭᠠᠷᠭ᠎ᠠ ᠬᠡ ᠂ ᠨᠢᠭᠡ ᠶ᠋ᠢ ᠨᠢ ᠵᠠᠮ ᠳᠤᠮᠳᠠ ᠰᠢᠭᠦᠰᠦ ᠪᠡᠷᠢ ᠬᠡ ᠂ ᠪᠠᠰᠠ ᠨᠢᠭᠡ ᠶ᠋ᠢ ᠨᠢ ᠡᠭᠦᠳᠡ ᠲᠠᠨᠢᠭᠤᠯᠵᠤ ᠠᠪᠤᠭᠠᠳ ᠰᠢᠭᠦᠰᠦ ᠪᠡᠷᠢ ᠬᠡ᠃ ᠢᠷᠡᠬᠦ ᠳ᠋ᠡᠭᠡᠨ ᠨᠠᠳᠠᠳᠤ ᠪᠡᠯᠡᠭ ᠰᠡᠯᠲᠡ ᠬᠡᠷᠡᠭ ᠦᠭᠡᠢ ᠵᠥᠪᠬᠡᠨ ᠵᠠᠭᠤᠨ ᠬᠡᠷᠢᠶᠡᠨ ᠦ᠌ ᠤᠷᠠᠨ ᠬᠣᠩᠰᠢᠶᠠᠷ ᠲᠠᠭᠠᠷᠠᠭᠤᠯᠵᠤ ᠢᠷ᠎ᠡ ᠭᠡᠵᠦ ᠬᠡᠯᠡ᠃ ᠪᠠᠷᠠᠭᠤᠨ ᠪᠡᠶ᠎ᠡ ᠶ᠋ᠢᠨ ᠪᠠᠬᠢᠷ ᠬᠠᠷ᠎ᠠ ᠲᠣᠩᠭᠣᠷᠠᠭ ᠢ᠋ ᠵᠡᠭᠦᠨ ᠪᠡᠶ᠎ᠡ ᠶ᠋ᠢᠨ ᠵᠦᠨᠡᠷ ᠤᠯᠠᠭᠠᠨ ᠪᠢᠯᠡᠭᠦᠦ ᠳ᠋ᠦ᠍ ᠰᠠᠢᠨ ᠪᠢᠯᠡᠭᠦᠳᠡ᠂ ᠬᠠᠳᠤᠭᠤᠷ ᠢ᠋ᠶ᠋ᠠᠨ ᠪᠠᠲᠤ ᠬᠠᠪᠴᠢᠭᠤᠯ ᠂ ᠬᠠᠢᠰᠤᠨ ᠤ᠋ ᠬᠠᠯᠢᠪ ( ᠬᠠᠪᠬᠠᠭᠠᠰᠤ ) ᠪᠠᠨ ᠪᠠᠲᠤ ᠳᠠᠷᠤ ᠬᠡ ᠁ ᠭᠡᠵᠦ ᠬᠡᠯᠡᠭᠦᠯᠦᠭᠰᠡᠨ ᠪᠠᠢᠵᠤ ᠭᠡᠨ᠎ᠡ᠃ ᠠᠷᠠᠪᠰᠠᠷ ᠂ ᠠᠪᠤ ᠨᠢ ᠰᠠᠢᠨ ᠪᠠᠢᠨ᠎ᠠ ᠭᠡᠬᠦ ᠶ᠋ᠢ ᠰᠣᠨᠣᠰᠤᠭᠠᠳ ᠠᠷᠭ᠎ᠠ ᠦᠭᠡᠢ ᠶᠡᠬᠡ ᠪᠠᠶᠠᠷᠯᠠᠬᠤ ᠳ᠋ᠤ᠌᠂ ᠪᠡᠷᠢ ᠨᠢ ᠰᠣᠨᠣᠰᠤᠭᠠᠳ ᠪᠡᠷᠬᠡ ᠵᠣᠪᠠᠵᠤ ᠭᠡᠨ᠎ᠡ ᠃ ᠲᠡᠭᠡᠭᠡᠳ ᠠᠷᠠᠪᠰᠠᠷ ᠢ᠋ᠶ᠋ᠠᠨ ᠭᠠᠳᠠᠨ᠎ᠠ ᠳᠠᠭᠤᠳᠠᠵᠤ ᠭᠠᠷᠤᠭᠠᠳ ᠄  
       - ᠠᠪᠤ ᠮᠢᠨᠢ ᠶᠠᠭᠤᠨᠠᠢ ᠰᠠᠢᠨ ᠰᠠᠢᠬᠠᠨ ᠵᠢᠷᠭᠠᠵᠤ ᠪᠠᠢᠬᠤ ᠪᠢᠯᠡ᠂ ᠬᠠᠷᠢᠨ ᠬᠣᠶᠠᠷ ᠨᠢᠳᠦ ᠨᠢ ᠰᠣᠬᠣᠷᠠᠭᠠᠳ ᠂ ᠥᠨᠳᠥᠷ ᠬᠦᠷᠢᠶ᠎ᠡ ᠳᠣᠲᠣᠷ᠎ᠠ ᠦᠬᠡᠷ ᠮᠠᠯ ᠰᠢᠩᠭᠢ (ᠮᠡᠲᠦ) ᠬᠣᠷᠢᠭᠳᠠᠵᠤ ᠪᠠᠢᠭ᠎ᠠ ᠶᠤᠮ ᠪᠠᠢᠨ᠎ᠠ ᠰᠢᠦ !《ᠣᠭᠣᠰᠣᠷ ᠪᠦᠴᠡ ᠦᠭᠡᠢ ᠥᠷᠭᠥᠭᠡ ᠴᠠᠭᠠᠨ ᠭᠡᠷ》ᠭᠡᠳᠡᠭ ᠨᠢ ᠬᠡᠷᠡᠮ ᠢ᠋ᠶ᠋ᠡᠨ ᠬᠡᠯᠡᠵᠡᠢ᠃《 ᠴᠡᠩᠬᠡᠷ ᠲᠣᠷᠭ᠎ᠠ ᠪᠠᠷ ᠬᠤᠴᠢᠵᠤ ᠂ ᠬᠥᠬᠡ ᠬᠡᠪᠢᠰᠦᠨ ᠳᠡᠭᠡᠷ᠎ᠡ ᠬᠥᠯᠪᠡᠷᠢᠵᠦ ᠪᠠᠢᠨ᠎ᠠ》ᠭᠡᠳᠡᠭ ᠨᠢ ᠲᠡᠭᠷᠢ ᠪᠡᠷ ᠬᠤᠴᠢᠯᠭ᠎ᠠ ᠪᠣᠯᠭᠠᠭᠠᠳ᠂ ᠦᠨᠡᠰᠦᠨ ᠳᠡᠭᠡᠷ᠎ᠡ ᠬᠡᠪᠲᠡᠵᠦ ᠪᠠᠢᠨ᠎ᠠ ᠭᠡᠰᠡᠨ ᠦᠭᠡ ᠲᠡᠷᠡ᠃《ᠶᠠᠰᠤ ᠦᠭᠡᠢ ᠮᠢᠬ᠎ᠠ ᠢᠳᠡᠵᠦ᠂ᠰᠢᠭᠠᠷᠤ ᠦᠭᠡᠢ ᠴᠠᠢ ᠤᠤᠭᠤᠵᠤ ᠪᠠᠢᠨ᠎ᠠ》ᠭᠡᠰᠡᠨ ᠨᠢ ᠪᠠᠭᠠᠰᠤ ᠪᠠᠨ ᠢᠳᠡᠵᠦ ᠂ ᠰᠢᠭᠡᠰᠦ ᠪᠡᠨ ᠤᠤᠭᠤᠵᠤ ᠪᠠᠢᠨ᠎ᠠ ᠭᠡᠰᠡᠨ ᠦᠭᠡ ᠂ ᠬᠠᠷᠢᠨ《ᠡᠳᠦᠷ ᠢ᠋ᠶ᠋ᠡᠷ ᠬᠣᠶᠠᠷ ᠵᠤᠯᠠ ᠪᠠᠷᠢᠵᠤ᠂ ᠡᠪᠦᠷ ᠳᠣᠲᠣᠷ᠎ᠠ ᠪᠠᠨ ᠵᠡᠭᠦᠦ ᠰᠦᠪᠡᠯᠡᠵᠦ ᠪᠠᠢᠨ᠎ᠠ 》ᠭᠡᠰᠡᠨ ᠨᠢ ᠬᠣᠶᠠᠷ ᠨᠢᠳᠦ ᠰᠣᠬᠣᠷᠠᠭᠰᠠᠨ ᠪᠣᠯᠪᠠᠴᠤ ᠰᠠᠨᠠᠭ᠎ᠠ ᠤᠬᠠᠭ᠎ᠠ ᠰᠠᠷᠠᠭᠤᠯ ᠡᠷᠡᠭᠦᠯ ᠪᠠᠢᠭᠰᠠᠭᠠᠷ᠂ ᠴᠡᠭᠡᠵᠢᠨ ᠳᠣᠲᠣᠷ᠎ᠠ ᠪᠠᠨ ᠨᠠᠷᠢᠨ ᠤᠬᠠᠭ᠎ᠠ ᠪᠢᠰᠢᠯᠭᠠᠨ ᠰᠠᠭᠤᠵᠤ ᠪᠠᠢᠨ᠎ᠠ ᠭᠡᠳᠡᠭ ᠢ᠋ᠶ᠋ᠡᠨ ᠬᠡᠯᠡᠵᠡᠢ᠃ᠲᠡᠭᠡᠪᠡᠯ ᠲᠡᠷᠡ《ᠭᠤᠷᠪᠠᠨ ᠮᠤᠬᠤᠷ ᠬᠠᠯᠲᠠᠷ ᠢᠷᠭᠡ 》ᠭᠡᠳᠡᠭ ᠨᠢ ᠮᠥᠨ ᠭᠤᠷᠪᠠᠨ ᠡᠯᠴᠢ ᠶ᠋ᠢ ᠬᠡᠯᠡᠵᠦ ᠪᠠᠢᠨ᠎ᠠ᠃ ᠨᠢᠭᠡ ᠶ᠋ᠢ ᠨᠢ ᠭᠡᠷ ᠲᠡᠭᠡᠨ ᠠᠯᠠ ᠂ ᠨᠢᠭᠡ ᠶ᠋ᠢ ᠨᠢ ᠵᠠᠮ ᠳ᠋ᠠᠭᠠᠨ ᠠᠯᠠ ᠂ ᠪᠠᠰᠠ ᠨᠢᠭᠡ ᠶ᠋ᠢ ᠨᠢ ᠠᠪᠤ ᠶ᠋ᠢᠨ ᠬᠣᠷᠢᠭᠳᠠᠵᠤ ᠪᠠᠢᠭ᠎ᠠ ᠬᠦᠷᠢᠶᠡᠨ ᠦ᠌ ᠡᠭᠦᠳᠡ ᠶ᠋ᠢ ᠬᠡᠯᠡᠭᠦᠯᠵᠦ ᠠᠪᠤᠭᠠᠳ ᠠᠯᠠ ᠭᠡᠰᠡᠨ ᠶᠦᠮ ᠪᠠᠢᠨ᠎ᠠ ;《ᠵᠠᠭᠤᠨ ᠬᠡᠷᠢᠶᠡᠨ ᠦ᠌ ᠤᠷᠠᠨ ᠬᠣᠩᠰᠢᠶᠠᠷ ᠲᠠᠭᠠᠷᠠᠭᠤᠯᠵᠤ ᠢᠷ᠎ᠡ》ᠭᠡᠰᠡᠨ ᠨᠢ ᠵᠠᠭᠤᠨ ᠶᠠᠩᠵᠤ ᠶ᠋ᠢᠨ ᠣᠨᠢᠰᠣ ᠳ᠋ᠤ᠌ ᠲᠠᠭᠠᠷᠠᠬᠤ ᠲᠦᠯᠬᠢᠭᠦᠷ ᠣᠯᠵᠤ ᠢᠷ᠎ᠡ ᠭᠡᠰᠡᠨ ᠪᠠᠢᠨ᠎ᠠ ᠃ ᠲᠡᠭᠡᠪᠡᠯ《ᠪᠠᠷᠠᠭᠤᠨ ᠪᠡᠶ᠎ᠡ ᠶ᠋ᠢᠨ ᠪᠠᠬᠢᠷ  ᠬᠠᠷ᠎ᠠ ᠲᠣᠩᠭᠣᠷᠠᠭ 》ᠭᠡᠳᠡᠭ ᠨᠢ ᠴᠢᠮᠠᠶ᠋ᠢ ᠬᠡᠯᠡᠵᠦ ᠪᠠᠢᠨ᠎ᠠ᠂ 《ᠵᠡᠭᠦᠨ ᠪᠡᠶ᠎ᠡ ᠶ᠋ᠢᠨ ᠵᠦᠨᠡᠷ ᠤᠯᠠᠭᠠᠨ ᠪᠢᠯᠡᠭᠦᠦ 》ᠭᠡᠳᠡᠭ ᠨᠢ  ᠨᠠᠮᠠᠶ᠋ᠢ ᠬᠡᠯᠡᠵᠦ ᠪᠠᠢᠨ᠎ᠠ ᠂《ᠰᠠᠢᠨ ᠪᠢᠯᠡᠭᠦᠳᠡ 》ᠭᠡᠳᠡᠭ ᠨᠢ  ᠨᠠᠮᠠᠶ᠋ᠢ ᠴᠢᠮᠠᠲᠤ ᠤᠬᠠᠭ᠎ᠠ ᠪᠠᠨ ᠰᠠᠢᠨ ᠬᠡᠯᠡᠵᠦ ᠥᠭ ᠭᠡᠰᠡᠨ ᠪᠠᠢᠨ᠎ᠠ᠃《ᠬᠠᠳᠤᠭᠤᠷ ᠢ᠋ᠶ᠋ᠠᠨ ᠪᠠᠲᠤ ᠬᠠᠪᠴᠢᠭᠤᠯ ᠂ ᠬᠠᠢᠰᠤᠨ ᠤ᠋ ᠬᠠᠯᠢᠪ ᠢ᠋ᠶ᠋ᠠᠨ ᠪᠠᠲᠤ ᠳᠠᠷᠤ 》ᠭᠡᠳᠡᠭ ᠨᠢ ᠴᠢᠮᠠᠶ᠋ᠢ ᠭᠤᠨᠠᠨ ( ᠰᠢᠨ᠎ᠡ ᠶ᠋ᠢᠨ ᠭᠤᠷᠪᠠᠨ ) ᠳ᠋ᠤ᠌  ᠠᠳᠠ ᠠ᠋ᠴᠠ ᠭᠠᠷᠴᠤ ᠠᠷᠪᠠᠨ ᠲᠠᠪᠤᠨ ᠳ᠋ᠤ᠌ ᠲᠡᠨᠳᠡ ᠬᠦᠷᠴᠦ ᠢᠷ᠎ᠡ ᠭᠡᠰᠡᠨ ᠶᠦᠮ ᠭᠡᠵᠦ ᠠᠪᠤ ᠶ᠋ᠢᠨ ᠢ᠋ᠶ᠋ᠡᠨ ᠶᠣᠭᠲᠠ ᠳᠠᠯᠳᠠ ᠦᠭᠡ ᠶ᠋ᠢ ᠪᠦᠭᠦᠳᠡ ᠶ᠋ᠢ ᠵᠥᠪ ᠲᠠᠢᠯᠤᠭᠰᠠᠨ ᠪᠠᠢᠵᠤ ᠭᠡᠨ᠎ᠡ᠃  
       ᠲᠡᠭᠡᠭᠡᠳ ᠰᠢᠨ᠎ᠡ ᠶ᠋ᠢᠨ ᠭᠤᠨᠠᠨ ᠤ᠋ ᠬᠠᠳᠤᠭᠤᠷ ᠰᠠᠷᠠ ᠲᠠᠢ ᠰᠥᠨᠢ ᠠᠷᠠᠪᠰᠠᠷ ᠨᠢᠭᠡ ᠡᠯᠴᠢ ᠶ᠋ᠢ ᠨᠢ ᠠᠯᠠᠵᠤ ᠬᠣᠶᠠᠷ ᠡᠯᠴᠢ ᠶ᠋ᠢ ᠨᠢ ᠪᠠᠭᠯᠠᠵᠤ ᠭᠠᠨᠵᠤᠭᠠᠯᠠᠭᠠᠳ ᠮᠣᠷᠳᠠᠪᠠ ᠭᠡᠨ᠎ᠡ ᠃ ᠮᠣᠷᠳᠠᠬᠤ ᠶ᠋ᠢᠨ ᠡᠮᠦᠨ᠎ᠡ ᠪᠦᠰᠡᠭᠦᠢ ᠨᠢ ᠵᠠᠬᠢᠬᠤ ᠵᠦᠢᠯᠡᠰ ᠢ᠋ᠶ᠋ᠡᠨ ᠳᠠᠬᠢᠨ ᠳᠣᠯᠣᠭ᠎ᠠ ᠰᠠᠢᠨ ᠵᠠᠬᠢᠨ ᠮᠣᠷᠳᠠᠭᠤᠯᠤᠭᠰᠠᠨ ᠪᠣᠯᠪᠠᠴᠤ᠂ ᠶᠠᠮᠠᠷ ᠤᠬᠠᠭᠠᠨᠲᠤ ᠪᠡᠷᠢ ᠴᠦ᠍ ᠭᠡᠳ ᠵᠠᠪᠠᠯ ᠨᠢᠭᠡ ᠡᠨᠳᠡᠳᠡᠭ ᠶᠦᠮ ᠪᠠᠢᠵᠤ ᠭᠡᠨ᠎ᠡ ᠂ ᠶᠠᠭᠤ ᠠᠲᠠᠪᠠ ? ᠭᠡᠪᠡᠯ ᠂ ᠬᠤᠷᠳᠤᠨ ᠱᠠᠷ《 ᠬᠠᠷ᠎ᠠ ᠬᠡᠯᠡᠨ ᠰᠤᠭᠰᠤᠷ 》ᠨᠢ ᠣᠳᠣ ᠲᠠᠩᠭᠤᠳ ᠤ᠋ᠨ ᠬᠠᠭᠠᠨ ᠤ᠋ ᠣᠷᠳᠣᠨ ᠤ᠋ ᠰᠦᠷᠦᠭ ᠲᠦ᠍ ᠪᠠᠢᠭ᠎ᠠ ᠪᠠᠨ ᠠᠷᠠᠪᠰᠠᠷ ᠲᠤ᠌ ᠬᠡᠯᠡᠬᠦ ᠪᠡᠨ ᠮᠠᠷᠲᠠᠴᠢᠬᠠᠵᠤ ᠭᠡᠨ᠎ᠡ ᠃  ᠠᠷᠠᠪᠰᠠᠷ ᠨᠢᠭᠡ ᠡᠯᠴᠢ ᠶ᠋ᠢ ᠨᠢ ᠵᠠᠮ ᠳ᠋ᠠᠭᠠᠨ ᠠᠯᠠᠵᠤ᠂ ᠪᠠᠰᠠ ᠨᠢᠭᠡ ᠶ᠋ᠢ ᠨᠢ ᠪᠦᠰᠡᠭᠦᠢ ᠶ᠋ᠢᠨ ᠢ᠋ᠶ᠋ᠡᠨ ᠵᠠᠬᠢᠭᠰᠠᠨ ᠶᠣᠰᠣᠭᠠᠷ ᠄  
       – ᠴᠢ ᠠᠪᠤ ᠶ᠋ᠢᠨ ᠬᠣᠷᠢᠭᠳᠠᠵᠤ ᠪᠠᠢᠭ᠎ᠠ ᠬᠦᠷᠢᠶᠡᠨ ᠦ᠌ ᠡᠭᠦᠳᠡ ᠶ᠋ᠢ ᠬᠡᠯᠡᠵᠦ ᠥᠭᠪᠡᠯ ᠠᠮᠢ ᠶ᠋ᠢ ᠴᠢᠨᠢ ᠬᠡᠯᠲᠦᠷᠢᠭᠦᠯᠦᠨ᠎ᠡ ᠂ ᠦᠭᠡᠢ ᠪᠣᠯ ᠠᠯᠠᠨ᠎ᠠ ᠭᠡᠵᠦ ᠰᠦᠷᠳᠡᠭᠦᠯᠦᠨ ᠪᠠᠢᠵᠤ ᠬᠡᠯᠡᠭᠦᠯᠵᠦ ᠠᠪᠤᠭᠠᠳ ᠰᠠᠶᠢ ᠠᠯᠠᠭᠰᠠᠨ ᠭᠡᠨ᠎ᠡ᠃ ᠲᠡᠭᠡᠭᠡᠳ ᠠᠪᠤ ᠲᠠᠢ ᠪᠠᠨ ᠳᠤᠲᠠᠭᠠᠨ ᠭᠠᠷᠬᠤ ᠶ᠋ᠢᠨ ᠡᠬᠢᠨ ᠳᠡᠭᠡᠷ᠎ᠡ ᠬᠠᠷᠠᠭᠤᠯ ᠳ᠋ᠤᠨᠢ ᠮᠡᠳᠡᠭᠳᠡᠴᠢᠬᠡᠵᠡᠢ᠃ ᠡᠭᠦᠨ ᠳ᠋ᠦ᠍ ᠮᠡᠷᠭᠡᠨ ᠲᠡᠮᠦᠨᠡ ᠄  
       – ᠬᠠᠯᠠᠭ ᠶᠠᠭᠠᠯᠠᠢ !《 ᠬᠠᠷ᠎ᠠ ᠬᠡᠯᠡᠨ ᠰᠤᠭᠰᠤᠷ 》 ᠮᠢᠨᠢ ᠪᠠᠢᠭᠰᠠᠨ ᠪᠣᠯ ᠬᠠᠮᠢᠭ᠎ᠠ ᠡᠢᠮᠦ ᠯᠠᠢ (ᠭᠠᠢ) ᠳ᠋ᠤ᠌ ᠬᠠᠷᠭᠤᠬᠤ ᠪᠢᠯᠡ? ᠬᠠᠷᠢᠵᠤ ᠪᠤᠴᠠᠶ᠎ᠠ ᠬᠦᠦ ᠮᠢᠨᠢ! ᠭᠡᠳ ᠬᠠᠷᠠᠭᠤᠯ ᠢ᠋ ᠨᠢ ᠳ᠋ᠡᠭᠡᠨ《 ᠬᠠᠷ᠎ᠠ ᠣᠷᠳᠣᠨ 》 ᠳ᠋ᠤ᠌ ᠳᠠᠬᠢᠵᠤ ᠣᠷᠣᠭᠰᠠᠨ ᠭᠡᠨ᠎ᠡ ᠃ 
       ᠲᠡᠭᠦᠨ ᠡᠴᠡ ᠬᠣᠢᠰᠢ ᠬᠦᠦ ᠲᠡᠢ ᠪᠡᠨ ᠬᠣᠶᠠᠭᠤᠯᠠ ᠠᠷᠭᠠᠰᠤ (ᠠᠷᠭᠠᠯ) ᠬᠠᠲᠠᠭᠠᠬᠤ ᠵᠠᠷᠤᠴᠠ ᠨᠢ ᠪᠣᠯᠤᠭᠰᠠᠨ ᠶᠤᠮ ᠪᠠᠢᠵᠠᠢ ᠃ ᠨᠢᠭᠡᠨ ᠡᠳᠦᠷ ᠬᠣᠶᠠᠭᠤᠯᠠ ᠳᠠᠩᠰᠤ ⑤ ᠳᠡᠯᠭᠡᠵᠦ ᠪᠠᠢᠬᠤ ᠳ᠋ᠠᠭᠠᠨ ᠠᠪᠤ ᠨᠢ ᠭᠡᠨᠡᠳᠲᠡ ᠨᠢᠭᠡ ᠰᠠᠷᠯᠤᠭ ᠤ᠋ᠨ ᠪᠠᠭᠠᠰᠤᠨ ᠳᠡᠭᠡᠷᠡᠬᠢ ᠳᠣᠷᠣᠭᠣ (ᠲᠤᠭᠤᠷᠠᠢ) ᠶ᠋ᠢᠨ ᠮᠥᠷ ᠢ᠋ ᠲᠡᠮᠲᠡᠷᠢᠵᠦ ᠦᠵᠡᠭᠡᠳ ᠂  ᠠᠷᠠᠪᠰᠠᠷ ᠢ᠋ᠶ᠋ᠠᠨ ᠳᠠᠭᠤᠳᠠᠵᠤ ᠢᠷᠡᠨ ᠄ 
      – ᠬᠦᠦ ᠮᠢᠨᠢ ᠂ ᠡᠨᠡ ᠪᠠᠭᠠᠰᠤᠨ ᠳᠡᠭᠡᠷᠡᠬᠢ ᠮᠥᠷ ᠢ᠋ ᠰᠠᠢᠨ ᠦᠵᠡᠵᠦ ᠠᠪ ᠂ ᠲᠡᠭᠡᠭᠡᠳ ᠠᠯᠢ ᠱᠠᠷ ᠨᠢ ᠡᠢᠮᠦ ᠮᠥᠷ ᠲᠡᠢ ᠪᠠᠢᠬᠤ ᠶ᠋ᠢ ᠰᠠᠢᠨ ᠠᠵᠢᠭᠯᠠᠵᠤ ᠪᠠᠢ ᠂ ᠦᠵᠡᠭᠳᠡᠯ᠎ᠡ ᠯᠡ ᠭᠡᠪᠡᠯ ᠠᠪᠤ ᠳ᠋ᠠᠭᠠᠨ ᠳᠣᠭᠤᠤᠷ ( ᠰᠡᠮᠡᠬᠡᠷ ) ᠬᠡᠯᠡ ᠭᠡᠵᠦ ᠵᠠᠬᠢᠵᠤ ᠭᠡᠨ᠎ᠡ ᠃ ᠨᠢᠭᠡᠨ ᠠᠰᠬᠠᠨ ( ᠦᠳᠡᠰᠢ ) ᠬᠦᠦ ᠠᠷᠠᠪᠰᠠᠷ ᠨᠢ᠄     
       – ᠪᠢ ᠲᠡᠷᠡ ᠱᠠᠷ ᠢ᠋ ᠣᠯᠤᠭᠠᠳ ᠠᠪᠤᠯ᠎ᠠ ! ᠭᠡᠴᠢᠬᠡᠭᠰᠡᠨ ᠪᠠᠶᠠᠷᠲᠠᠢ ᠬᠦᠷᠦᠭᠡᠳ ᠢᠷᠡᠪᠡ ᠭᠡᠨ᠎ᠡ ᠃  
       – ᠵᠠ ᠬᠦᠦ ᠮᠢᠨᠢ ᠂ ᠲᠡᠷᠡ ᠱᠠᠷ ᠢ᠋ ᠬᠠᠮᠢᠭ᠎ᠠ ᠤᠶᠠᠬᠤ ᠶ᠋ᠢ ᠨᠢ ᠰᠠᠢᠨ ᠦᠵᠡᠵᠦ ᠠᠪ ᠂ ᠬᠣᠶᠠᠭᠤᠯᠠ ᠪᠠᠨ ᠡᠨᠡ ᠰᠥᠨᠢ ᠲᠡᠷᠡ ᠱᠠᠷ ᠢ᠋ᠶ᠋ᠠᠷ ᠵᠣᠯᠠᠶ᠎ᠠ ( ᠳᠤᠲᠠᠭᠠᠶ᠎ᠠ ) ᠂ ᠲᠡᠷᠡ ᠴᠢᠨᠢ ᠮᠠᠨ ᠤ᠋《ᠬᠠᠷ᠎ᠠ ᠬᠡᠯᠡᠨ ᠰᠣᠭᠰᠣᠷ 》ᠪᠠᠢᠭ᠎ᠠ ᠰᠢᠦ ᠭᠡᠵᠦ ᠬᠡᠦᠬᠡᠦᠰ ( ᠬᠡᠦᠬᠡᠳ ) ᠰᠢᠩᠭᠢ ᠪᠠᠶᠠᠷᠯᠠᠪᠠ ᠭᠡᠨ᠎ᠡ᠃ 
       ᠲᠡᠭᠡᠭᠡᠳ ᠬᠣᠶᠠᠭᠤᠯᠠ ᠪᠠᠨ ᠮᠥᠨ ᠰᠦ (ᠲᠡᠷᠡ ᠰᠥᠨᠢ) ᠪᠡᠨ《ᠬᠠᠷ᠎ᠠ ᠬᠡᠯᠡᠨ ᠰᠣᠭᠰᠣᠷ 》 ᠢ᠋ᠶ᠋ᠠᠷ ᠢ᠋ᠶ᠋ᠠᠨ ᠵᠤᠯᠠᠭᠠᠳ (ᠳᠤᠲᠠᠭᠠᠳ) ᠭᠠᠷᠴᠤ ᠭᠡᠨ᠎ᠡ ᠃ ᠬᠠᠷᠠᠭᠤᠯ ᠮᠡᠳᠡᠭᠰᠡᠨ ᠪᠣᠯᠪᠠᠴᠤ ᠬᠣᠢᠨ᠎ᠠ ᠠ᠋ᠴᠠ ᠨᠢ ᠬᠥᠭᠡᠭᠡᠭᠡᠳ ᠲᠣᠭᠣᠰᠣ ᠶ᠋ᠢ ᠨᠢ ᠴᠦ᠍ ᠡᠰᠡ ᠦᠵᠡᠵᠡᠢ ᠃  
       ᠠᠷᠠᠪᠰᠠᠷ《ᠬᠠᠷ᠎ᠠ ᠬᠡᠯᠡᠨ ᠰᠣᠭᠰᠣᠷ 》 ᠲᠠᠭᠠᠨ ᠠᠪᠤ ᠪᠠᠨ ᠰᠤᠨᠳᠠᠯᠠᠨ ᠵᠣᠯᠠᠭᠠᠳ ᠯᠠ ᠪᠠᠢᠵᠠᠢ ᠂ ᠬᠡᠴᠢᠨᠡᠨ ᠵᠣᠯᠠᠭᠰᠠᠨ ᠢ᠋ᠶ᠋ᠠᠨ ᠥᠪᠡᠷ ᠢ᠋ᠶ᠋ᠡᠨ ᠴᠦ᠍ ᠡᠰᠡ ᠮᠡᠳᠡᠨ᠎ᠡ ᠃ ᠭᠡᠨᠡᠳᠲᠡ ᠠᠪᠤ ᠨᠢ ᠄ 
       –《ᠬᠠᠷ᠎ᠠ ᠬᠡᠯᠡᠨ ᠰᠤᠭᠰᠤᠷ 》ᠭᠠᠵᠠᠷ ᠦᠨᠦᠷᠯᠡᠵᠦ ᠪᠠᠢᠨ᠎ᠠ ᠤᠤ ? ᠭᠡᠵᠦ ᠭᠡᠨ᠎ᠡ ᠃ 
       – ᠦᠭᠡᠢ ᠪᠠᠢᠨ᠎ᠠ ᠭᠡᠵᠦ ᠭᠡᠨ᠎ᠡ ᠃ ᠪᠠᠭ᠎ᠠ ᠶᠠᠪᠤᠭᠠᠳ ᠄ 
       – ᠡᠦᠲᠦ ? ᠭᠡᠵᠦ ᠭᠡᠨ᠎ᠡ ᠃ 
       – ᠪᠠᠰᠠ ᠯᠠ ᠦᠭᠡᠢ ᠪᠠᠢᠨ᠎ᠠ ᠭᠡᠵᠦ ᠭᠡᠨ᠎ᠡ ᠃ 
       ᠡᠨᠡ ᠮᠡᠲᠦ ᠪᠡᠷ ᠵᠢᠭᠠᠬᠠᠨ ᠶᠠᠪᠤᠭᠠᠳ ᠰᠤᠷᠠᠭᠠᠳ ᠵᠢᠭᠠᠬᠠᠨ ᠶᠠᠪᠤᠭᠠᠳ ᠰᠤᠷᠠᠭᠠᠳ ᠯᠠ ᠪᠠᠢᠵᠤ ᠭᠡᠨ᠎ᠡ ᠃ ᠲᠡᠭᠡᠵᠦ ᠪᠠᠢᠲᠠᠯ᠎ᠠ 《ᠬᠠᠷ᠎ᠠ ᠬᠡᠯᠡᠨ ᠰᠤᠭᠰᠤᠷ 》ᠨᠢ ᠭᠡᠨᠡᠳᠲᠡ ᠭᠠᠵᠠᠷ ᠦᠨᠦᠷᠯᠡᠨ ᠡᠬᠢᠯᠡᠪᠡ ᠭᠡᠨ᠎ᠡ ᠃  
       – ᠠᠪᠤ ᠠ᠋ ᠂《ᠬᠠᠷ᠎ᠠ ᠬᠡᠯᠡᠨ ᠰᠤᠭᠰᠤᠷ 》ᠡᠦᠲᠦ ᠯᠡ ᠭᠠᠵᠠᠷ ᠦᠨᠦᠷᠯᠡᠵᠦ ᠪᠠᠢᠨ᠎ᠠ ᠭᠡᠬᠦ ᠳ᠋ᠦ᠍ ᠠᠪᠤ ᠨᠢ ᠄ 
       – ᠪᠠᠭᠤ ᠪᠠᠭᠤ!ᠦᠨᠦᠷᠯᠡᠭᠰᠡᠨ ᠭᠠᠵᠠᠷ ᠨᠢ ᠮᠠᠯᠲᠠᠭᠠᠳ ᠦᠵᠡ᠂ ᠶᠠᠭᠤ ᠦᠵᠡᠭᠳᠡᠵᠦ ᠪᠠᠢᠨ᠎ᠠ ? ᠭᠡᠵᠦ ᠬᠦᠦ ᠪᠡᠨ ᠪᠠᠭᠤᠯᠭᠠᠵᠤ ᠭᠡᠨ᠎ᠡ ᠃ 
       – ᠲᠡᠭᠡᠷᠮ᠎ᠡ ᠰᠢᠩᠭᠢ ᠬᠥᠬᠡ ᠴᠢᠯᠠᠭᠤ ᠦᠵᠡᠭᠳᠡᠵᠦ ᠪᠠᠢᠨ᠎ᠠ᠃ 
       – ᠠ ᠮᠥᠨ ᠪᠠᠢᠨ᠎ᠠ ! ᠲᠣᠭᠣᠷᠢᠭᠤᠯᠤᠨ ᠮᠠᠯᠲᠠᠵᠤ ᠪᠠᠢᠵᠤ ᠠᠪᠤᠭᠠᠳ ᠬᠠᠶᠠᠵᠤ ᠣᠷᠭᠢ᠂ ᠲᠡᠭᠡᠪᠡᠯ ᠶᠠᠭᠤ ᠦᠵᠡᠭᠳᠡᠳᠡᠭ ᠶᠦᠮ ᠪᠠᠢᠨ᠎ᠠ?
       – ᠵᠠ ᠡᠦᠲᠦ ᠠᠪᠤᠭᠠᠳ ᠬᠠᠶᠠᠯ᠎ᠠ ! ᠳᠣᠣᠷ᠎ᠠ ᠠ᠋ᠴᠠ ᠨᠢ ᠬᠥᠬᠡ ᠴᠠᠭᠠᠨ ᠬᠣᠶᠠᠷ ᠦᠨᠳᠦᠰᠦ ᠭᠠᠷᠤᠭᠠᠳ ᠢᠷᠡᠪᠡ᠃ 
       – ᠵᠠ ᠲᠠᠭᠠᠷᠠᠯ᠎ᠠ᠂ ᠲᠡᠷᠡ ᠴᠢᠨᠢ ᠦᠨᠳᠦᠰᠦᠨ ᠪᠢᠰᠢ ᠤᠰᠤᠨ ᠤ᠋ ᠰᠤᠳᠠᠰᠤᠨ ᠪᠠᠢᠨ᠎ᠠ᠂ ᠲᠡᠷᠡ ᠬᠥᠬᠡ ᠶ᠋ᠢ ᠨᠢ ᠲᠡᠮᠦᠨᠡ ᠪᠡᠷ ᠬᠠᠳᠬᠤᠴᠢᠬᠠᠭᠠᠳ ᠬᠠᠷ᠎ᠠ ᠬᠠᠢᠰᠤ ᠪᠠᠨ ᠲᠣᠰᠤᠭᠠᠳ (ᠨᠡᠷᠡᠭᠡᠳ) ᠣᠷᠭᠢ ᠂ ᠬᠣᠶᠠᠭᠤᠯᠠ ᠪᠠᠨ ᠨᠢᠭᠡ ᠴᠠᠢ ᠴᠢᠨᠠᠵᠤ ᠤᠤᠭᠤᠶ᠎ᠠ ᠭᠡᠵᠡᠢ᠃ 
       ᠵᠠ ᠲᠡᠭᠡᠭᠡᠳ ᠬᠣᠶᠠᠭᠤᠯᠠ ᠴᠠᠢ ᠪᠠᠨ ᠴᠢᠨᠠᠵᠤ ᠦᠳᠡᠯᠡᠭᠡᠳ(ᠦᠳᠡ ᠶ᠋ᠢᠨ ᠬᠣᠭᠣᠯᠠ ᠪᠠᠨ ᠢᠳᠡᠭᠡᠳ) ᠮᠣᠷᠳᠠᠵᠠᠢ ᠃ ᠶᠠᠪᠤᠵᠤ ᠪᠠᠢᠭᠠᠳ ᠠᠪᠤ ᠨᠢ ᠭᠡᠨᠡᠳᠲᠡ ᠠᠷᠤ ᠳ᠋ᠠᠭᠠᠨ ᠡᠷᠭᠢᠵᠦ ᠦᠨᠦᠷᠯᠡᠭᠡᠳ ᠄ 
       – ᠬᠥᠪᠡᠭᠦᠨ ᠬᠥᠪᠡᠭᠦᠨ ᠂ ᠠᠷᠤ ᠳ᠋ᠠᠭᠠᠨ ᠬᠠᠯᠢᠶᠠ (ᠬᠠᠷᠠ )ᠤᠰᠤᠨ ᠤ᠋ ᠦᠨᠦᠷ ᠭᠠᠷᠴᠤ ᠪᠠᠢᠳᠠᠭ ᠶᠠᠭᠤ ᠪᠢᠯᠡ ? ᠭᠡᠬᠦ ᠳ᠋ᠦ᠍ ᠠᠷᠠᠪᠰᠠᠷ ᠡᠷᠭᠢᠵᠦ ᠬᠠᠷᠠᠭᠠᠳ ᠄  
       – ᠠ ᠂ ᠲᠡᠭᠷᠢ ᠭᠠᠵᠠᠷ ᠨᠡᠢᠯᠡᠭᠰᠡᠨ ᠬᠥᠬᠡ ᠤᠰᠤᠨ ᠭᠦᠢᠴᠡᠭᠡᠳ ᠢᠷᠡᠵᠦ ᠪᠠᠢᠨ᠎ᠠ ᠭᠡᠵᠡᠢ !  
       – ᠬᠥᠶᠢ ᠂ ᠴᠢ ᠲᠡᠷᠡ ᠲᠥᠭᠥᠷᠢᠭ ᠬᠥᠬᠡ ᠴᠢᠯᠠᠭᠤ ᠶ᠋ᠢ ᠣᠷᠣᠮ ᠳ᠋ᠤᠨᠢ ᠲᠠᠯᠪᠢᠬᠤ ᠪᠠᠨ ᠮᠠᠷᠲᠠᠭᠰᠠᠨ ᠪᠢᠰᠢ ᠪᠢᠵᠡ ⁈ 
       – ᠣᠤ ᠂ ᠲᠠᠯᠪᠢᠭᠰᠠᠨ ᠦᠭᠡᠢ ! 
       – ᠵᠠ ᠠᠪᠤ ᠨᠢ ᠪᠠᠬᠠᠨ ᠲᠡᠨᠡᠭᠳᠡᠯ᠎ᠡ ᠂ ᠬᠤᠷᠳᠤᠨ ᠵᠤᠯᠠ ( ᠳᠤᠲᠠᠭ᠎ᠠ )!  
       ᠢᠩᠭᠢᠭᠡᠳ 《ᠬᠠᠷ᠎ᠠ ᠬᠡᠯᠡᠨ ᠰᠣᠭᠰᠣᠷ 》 ᠤ᠋ᠨ ᠢ᠋ᠶ᠋ᠠᠨ ᠬᠠᠷ᠎ᠠ ᠬᠤᠷᠳᠤ ᠪᠠᠷ ᠵᠣᠯᠠᠵᠤ ᠡᠬᠢᠯᠡᠪᠡ ᠭᠡᠨ᠎ᠡ ᠃  
       –  ᠬᠥᠪᠡᠭᠦᠨ ᠬᠥᠪᠡᠭᠦᠨ ᠂ ᠤᠰᠤᠨ ᠡᠦᠲᠦ ᠬᠠᠮᠢᠭ᠎ᠠ ᠢᠷᠡᠵᠦ ᠪᠠᠢᠨ᠎ᠠ ? 
       – ᠮᠠᠨᠤᠰ ᠢ᠋ ᠬᠡᠳᠦᠢᠨ ᠭᠦᠢᠴᠡᠭᠡᠳ《ᠬᠠᠷ᠎ᠠ ᠬᠡᠯᠡᠨ ᠰᠤᠭᠰᠤᠷ 》 ᠤ᠋ᠨ ᠲᠤᠭᠤᠷᠠᠢ ᠳᠠᠯᠳᠠᠷᠠᠵᠤ (ᠳᠠᠯᠳᠠ ᠣᠷᠣᠵᠤ ) ᠪᠠᠢᠨ᠎ᠠ᠃ 
       – ᠲᠦᠷᠭᠡᠨ ᠭᠦᠶᠦᠯᠭᠡ ( ᠳᠠᠪᠬᠢᠭᠤᠯ ) ! ᠡᠦᠲᠦ ᠬᠠᠮᠢᠭ᠎ᠠ ᠢᠷᠡᠵᠦ ᠪᠠᠢᠨ᠎ᠠ ?  
       –《ᠬᠠᠷ᠎ᠠ ᠬᠡᠯᠡᠨ ᠰᠤᠭᠰᠤᠷ 》 ᠤ᠋ᠨ ᠪᠣᠷᠪᠢ ᠴᠣᠬᠢᠵᠤ ᠪᠠᠢᠨ᠎ᠠ ᠃ 
       – ᠭᠦᠶᠦᠯᠭᠡ ᠭᠦᠶᠦᠯᠭᠡ ! ᠡᠦᠲᠦ ᠬᠠᠮᠢᠭ᠎ᠠ ᠪᠠᠢᠨ᠎ᠠ ?  
       – ᠡᠦᠲᠦ ᠪᠦᠷ ᠪᠣᠯᠬᠤ ᠪᠠᠨ ᠪᠠᠢᠯ᠎ᠠ ᠂ ᠭᠡᠳᠡᠰᠦᠨ ᠳ᠋ᠦ᠍ᠨᠢ ᠲᠤᠯᠪᠠ !  
       – ᠬᠠᠷ᠎ᠠ ᠬᠤᠷᠳᠤ ᠪᠠᠷ ᠨᠢ ᠂ ᠬᠠᠮᠤᠭ ᠬᠤᠷᠳᠤ ᠪᠠᠷ ᠨᠢ ᠭᠦᠶᠦᠯᠭᠡ ! ᠡᠦᠲᠦ ?  
       – ᠣᠤ ᠂ ᠨᠠᠮᠳᠠᠭᠠᠳ ᠡᠦᠲᠦᠯ᠎ᠡ ! ᠳᠠᠬᠢᠨ ᠪᠣᠷᠪᠢᠨ ᠳ᠋ᠤᠨᠢ ᠬᠦᠷᠪᠡ ᠃ ᠵᠠ᠂ ᠤᠯᠠᠮ ᠨᠠᠮᠳᠠᠯ᠎ᠠ ᠂ ᠡᠦᠲᠦ ᠲᠤᠭᠤᠷᠠᠢ ᠨᠢ ᠦᠵᠡᠭᠳᠡᠪᠡ ! 
       – ᠠ ᠂ ᠲᠡᠭᠡᠪᠡᠯ ᠵᠦᠢ ᠪᠣᠯᠵᠠᠢ ! ᠡᠦᠲᠦ ᠶᠠᠭᠤ ᠦᠵᠡᠭᠳᠡᠵᠦ ᠪᠠᠢᠨ᠎ᠠ ? 
       – ᠲᠡᠭᠷᠢ ᠶ᠋ᠢᠨ ᠵᠠᠬ᠎ᠠ ᠳ᠋ᠤ᠌ ᠬᠣᠶᠠᠷ ᠬᠠᠷ᠎ᠠ ᠰᠢᠪᠠᠭᠤ ᠨᠢᠰᠴᠦ ᠪᠠᠢᠨ᠎ᠠ ᠃ 
       ᠡᠨᠡ ᠦᠶ᠎ᠡ ᠳ᠋ᠦ᠍ ᠣᠷᠴᠢᠯᠠᠩ ᠤ᠋ᠨ ᠥᠷᠥᠴᠡᠨ ᠳ᠋ᠦ᠍ ᠤᠰᠤᠨ ᠭᠠᠮᠰᠢᠭ ᠪᠣᠯᠵᠤ ᠪᠠᠢᠬᠤ ᠶ᠋ᠢ ᠲᠡᠭᠷᠢ ᠶ᠋ᠢᠨ ᠬᠠᠭᠠᠨ ᠦᠵᠡᠭᠡᠳ ᠄ 《 ᠲᠡᠭᠦᠨ ᠢ᠋ ᠳᠠᠷᠤᠭᠠᠳ ᠢᠷ᠎ᠡ ! 》 ᠭᠡᠵᠦ ᠬᠣᠶᠠᠷ ᠬᠠᠨ ᠭᠠᠷᠤᠳᠢ ᠪᠠᠨ ᠶᠠᠪᠤᠭᠤᠯᠤᠭᠰᠠᠨ ᠨᠢ ᠲᠡᠷᠡ ᠪᠠᠢᠵᠠᠢ ᠃ ᠬᠣᠶᠠᠷ ᠬᠠᠨ ᠭᠠᠷᠤᠳᠢ ᠳ᠋ᠠᠨᠴᠢᠨ ᠠᠭᠤᠯᠠ⑥ ᠶ᠋ᠢᠨ ᠣᠷᠣᠢ ᠶ᠋ᠢ ᠲᠠᠰᠤᠯᠤᠨ ᠴᠢᠯᠠᠭᠤᠳᠠᠭᠠᠳ ᠰᠠᠢᠬᠢ ᠤᠰᠤᠨ ᠰᠤᠳᠠᠰᠤ ᠶ᠋ᠢ ᠪᠥᠭᠯᠡᠵᠡᠢ᠃ ᠡᠨᠡ ᠨᠢ ᠡᠦᠲᠦ ᠶ᠋ᠢᠨ ᠬᠥᠬᠡ ᠨᠠᠭᠤᠷ ᠤ᠋ᠨ ᠬᠦᠢᠰᠦ ᠪᠣᠯᠵᠤ ᠂ ᠭᠠᠷᠤᠭᠰᠠᠨ ᠤᠰᠤ ᠨᠢ ᠬᠥᠬᠡ ᠨᠠᠭᠤᠷ ᠪᠣᠯᠤᠭᠰᠠᠨ ᠲᠡᠷᠡ ᠭᠡᠵᠦ ᠬᠡᠯᠡᠳᠡᠭ ᠂ ᠳ᠋ᠠᠨᠴᠢᠨ ᠠᠭᠤᠯᠠ ᠴᠣ ᠡᠦᠲᠦ ᠪᠣᠯᠲᠠᠯ᠎ᠠ ᠣᠷᠣᠢ ᠪᠠᠷ ᠢ᠋ᠶ᠋ᠠᠨ ᠲᠠᠰᠤᠷᠬᠠᠢ ᠪᠠᠢᠭᠰᠠᠭᠠᠷ ᠃       ᠪᠠᠰᠠ ᠨᠢᠭᠡᠨ ᠦᠯᠢᠭᠡᠷ ᠪᠣᠯ ᠲᠡᠷᠡ ᠦᠶ᠎ᠡ ᠳ᠋ᠦ᠍ 《ᠰᠢᠮᠨᠤ ᠰᠥᠨᠥᠭᠡᠮ 》 ᠭᠡᠭᠴᠢ ᠰᠢᠮᠨᠤ᠄  
       – ᠣᠷᠴᠢᠯᠠᠩ ᠤ᠋ᠨ ᠥᠷᠥᠴᠡᠨ ᠢ᠋ ᠤᠰᠤᠨ ᠠᠪᠬᠤ ( ᠤᠰᠤᠨ ᠳ᠋ᠤ᠌ ᠬᠦᠪᠦᠭᠦᠯᠬᠦ ) ᠭᠡᠵᠦ ᠪᠠᠢᠭᠰᠠᠨ ᠶᠤᠮ ᠂ ᠮᠢᠨᠦ ᠵᠠᠶᠠᠭᠠᠨ ᠪᠣᠯᠳᠠᠭ ᠦᠭᠡᠢ (ᠮᠠᠭᠤ) ᠪᠠᠢᠨ᠎ᠠ ᠂ ᠲᠡᠭᠦᠨ ᠦ᠌ ᠪᠥᠭᠯᠡᠭᠡ ᠶ᠋ᠢ ᠨᠢ ᠠᠪᠤᠭᠠᠳ ᠬᠠᠶᠠᠬᠤ ᠳ᠋ᠤ᠌ ᠶᠠᠭᠠᠬᠢᠨ᠎ᠠ ! ᠭᠡᠳ ᠬᠠᠳᠠ ᠶ᠋ᠢᠨ ᠬᠡᠯᠲᠡᠷᠬᠡᠢ ᠪᠡᠷ ᠳᠦᠦᠭᠡᠦᠷᠳᠡᠬᠦ ᠳ᠋ᠦ᠍ ᠴᠢᠯᠠᠭᠤ ᠨᠢ ᠬᠦᠷᠦᠭᠰᠡᠨ ᠦᠭᠡᠢ ᠂ ᠨᠠᠭᠠᠨ᠎ᠠ ᠨᠢ ᠲᠣᠰᠴᠤ ᠣᠳᠣ ᠶ᠋ᠢᠨ ᠬᠥᠬᠡ ᠨᠠᠭᠤᠷ ᠤ᠋ᠨ ᠬᠦᠢᠰᠦᠨ ᠡᠴᠡ ᠬᠣᠢᠨᠠᠬᠠᠨ ᠴᠤᠪᠤᠷᠠᠨ ᠦᠵᠡᠭᠳᠡᠵᠦ ᠪᠠᠢᠭ᠎ᠠ ᠴᠠᠭᠠᠨ ᠬᠠᠳᠠ ᠨᠤᠭᠤᠳ ᠪᠣᠯᠤᠭᠰᠠᠨ ᠭᠡᠳᠡᠭ ᠶᠦᠮ ᠃ 
       ᠵᠠ ᠲᠡᠭᠡᠭᠡᠳ ᠠᠪᠤ ᠬᠦᠦ ᠬᠣᠶᠠᠭᠤᠯᠠ ᠭᠡᠷ ᠲᠡᠭᠡᠨ ᠬᠠᠷᠢᠵᠤ ᠬᠦᠷᠦᠭᠡᠳ ᠬᠠᠮᠲᠤ ᠪᠠᠷ ᠢ᠋ᠶ᠋ᠠᠨ ᠠᠮᠢᠳᠤᠷᠠᠵᠠᠭᠠᠵᠤ ᠭᠡᠨ᠎ᠡ᠃ ᠬᠦᠦ ᠨᠢ ᠡᠳᠦᠷ ᠲᠡᠭᠡᠨ ᠠᠩ ᠬᠦᠷᠦᠭᠡ ᠬᠢᠳᠡᠭ᠃ᠨᠢᠭᠡᠨ ᠡᠳᠦᠷ ᠲᠡᠷᠡ ᠨᠢᠭᠡ ᠪᠤᠭᠤ ᠠᠯᠠᠭᠠᠳ ᠥᠪᠴᠢᠵᠦ ᠦᠵᠡᠪᠡᠯ ᠥᠭᠡᠬᠦ ᠨᠢ ᠪᠦᠷ ᠮᠡᠯᠡᠬᠡᠢ ᠪᠠᠢᠵᠤ ᠭᠡᠨ᠎ᠡ᠃ᠠᠷᠠᠪᠰᠠᠷ ᠲᠡᠭᠦᠨ ᠡᠴᠡ ᠨᠢ ᠵᠢᠭᠰᠢᠬᠦ ᠳ᠋ᠡᠭᠡᠨ ᠪᠤᠭᠤ ᠶ᠋ᠢᠨ ᠢ᠋ᠶ᠋ᠡᠨ ᠮᠢᠬ᠎ᠠ ᠶ᠋ᠢ ᠬᠡᠭᠡᠷ᠎ᠡ ᠬᠠᠶᠠᠭᠠᠳ ᠂ ᠢᠷᠡᠵᠦ ᠪᠦᠰᠡᠭᠦᠢ ᠳ᠋ᠡᠭᠡᠨ ᠬᠡᠯᠡᠬᠦ ᠳ᠋ᠦ᠍ ᠪᠦᠰᠡᠭᠦᠢ ᠨᠢ ᠣᠴᠢᠵᠤ ᠥᠭᠡᠬᠦ ᠡᠴᠡ ᠨᠢ ᠵᠢᠭᠠᠬᠠᠨ ᠠᠪᠴᠢᠷᠠᠨ ᠲᠡᠮᠦᠷ ᠰᠢᠨᠠᠭ᠎ᠠ ᠳ᠋ᠤ᠌ ᠲᠠᠯᠪᠢᠵᠤ ᠂ ᠭᠠᠯ ᠳ᠋ᠤ᠌ ᠤᠩᠭᠤᠳᠬᠠᠭᠠᠳ(ᠤᠩᠭᠤᠰᠬᠠᠭᠠᠳ)ᠤᠲᠤᠭ᠎ᠠ ᠶ᠋ᠢ ᠨᠢ ᠠᠪᠤ ᠶ᠋ᠢᠨ ᠢ᠋ᠶ᠋ᠡᠨ ᠡᠮᠦᠨ᠎ᠡ ᠡᠴᠡ ᠡᠪᠲᠡᠢᠬᠡᠨ ᠦᠯᠢᠶᠡᠪᠡ ᠭᠡᠨ᠎ᠡ᠃ ᠠᠪᠤ ᠨᠢ ᠬᠡᠩᠰᠢᠭᠦᠦ ᠦᠨᠦᠷᠲᠦᠮᠡᠭᠴᠡ ᠥᠨᠳᠡᠢᠵᠦ ᠢᠷᠡᠭᠡᠳ ᠄ 
       – ᠬᠥᠶᠢ ᠬᠥᠶᠢ ᠂《 ᠮᠡᠯᠡᠬᠡᠢᠲᠦ ᠪᠤᠭᠤ 》ᠭᠡᠵᠦ ᠠᠮᠠ ᠠᠯᠳᠠᠭᠠᠳ   
       – ᠬᠡᠨ ᠠᠯᠠᠪᠠ ? ᠭᠡᠵᠦ ᠰᠤᠷᠠᠵᠠᠢ ᠃ ᠬᠦᠦ ᠪᠡᠷᠢ ᠬᠣᠶᠠᠷ ᠨᠢ《ᠮᠡᠯᠡᠬᠡᠢᠲᠦ ᠪᠤᠭᠤ 》ᠭᠡᠵᠦ ᠴᠣᠬᠣᠮ ᠶᠠᠮᠠᠷ ᠤᠴᠢᠷ ᠲᠠᠢ ᠂ ᠶᠠᠭᠠᠬᠢᠭᠰᠠᠨ ᠪᠤᠭᠤ ᠪᠣᠯᠬᠤ ᠶ᠋ᠢ ᠠᠪᠤ ᠠ᠋ᠴᠠ ᠪᠠᠨ ᠬᠡᠴᠢᠨᠡᠨ ᠰᠤᠷᠠᠭᠠᠳ ᠪᠠᠰᠠ ᠯᠠ ᠡᠰᠡ ᠬᠡᠯᠡᠵᠦ ᠥᠭᠴᠦ ᠭᠡᠨ᠎ᠡ ᠃