ᠬᠣᠢᠲᠤ ᠮᠡᠷᠭᠡᠨ ᠲᠡᠮᠦᠨᠡ < ᠬᠣᠶᠠᠷ > Хойд мэргэн төмнө – Ноёр ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠢᠲᠤ ᠮᠡᠷᠭᠡᠨ ᠲᠡᠮᠦᠨᠡ < ᠬᠣᠶᠠᠷ > Хойд мэргэн төмнө – Ноёр

ᠬᠣᠢᠲᠤ ᠮᠡᠷᠭᠡᠨ ᠲᠡᠮᠦᠨᠡ < ᠬᠣᠶᠠᠷ > Хойд мэргэн төмнө – Ноёр

ᠠᠩᠭᠢᠯᠠᠯ:ᠳᠣᠮᠣᠭ ᠦᠯᠢᠭᠡᠷ
2024-02-25

405


      ᠵᠠ ᠂ ᠲᠡᠷᠡ ᠦᠶ᠎ᠡ ᠳ᠋ᠦ᠍ ᠡᠨᠡ ᠮᠣᠩᠭᠣᠯ ᠭᠠᠵᠠᠷ ᠲᠠᠩᠭᠤᠳ ᠭᠠᠵᠠᠷ ᠲᠠᠢ ᠵᠠᠬ᠎ᠠ ᠨᠡᠢᠯᠡᠵᠦ ᠪᠠᠢᠵᠤ ᠭᠡᠨ᠎ᠡ ᠃ ᠲᠠᠩᠭᠤᠳ ᠭᠠᠵᠠᠷ ᠰᠣᠷᠢᠨᠵᠢᠨ ᠭᠣᠮᠪᠣ ᠭᠡᠭᠴᠢ ᠨᠢᠭᠡ ᠶᠡᠬᠡ ᠬᠠᠭᠠᠨ ᠲᠠᠢ ᠭᠡᠨ᠎ᠡ ᠃ ᠡᠨᠡ ᠰᠣᠷᠢᠨᠵᠢᠨ ᠭᠣᠮᠪᠣ ᠬᠠᠭᠠᠨ ᠢ᠋ ᠴᠠᠭᠠᠨ ᠳᠠᠷᠢ ᠡᠬᠡ ᠭᠡᠳᠡᠭ ᠂ ᠡᠨᠡ ᠴᠠᠭᠠᠨ ᠳᠠᠷᠢ (ᠳ᠋ᡁᠷᠢ ᠂ ᠳᠠᠷ᠎ᠠ) ᠡᠬᠡ ᠢᠯᠡᠷᠡᠬᠦ ᠳ᠋ᠦ᠍ ᠨᠣᠭᠣᠭᠠᠨ ᠳᠠᠷᠢ ᠡᠬᠡ ᠴᠦ᠍ ᠵᠠᠪᠠᠯ ᠢᠯᠡᠷᠡᠬᠦ ᠶᠣᠰᠣᠲᠠᠢ ᠭᠡᠨ᠎ᠡ ᠃ ᠲᠡᠭᠡᠭᠡᠳ ᠴᠠᠭᠠᠨ ᠳᠠᠷᠢ ᠡᠬᠡ ᠪᠠ ᠨᠣᠭᠣᠭᠠᠨ ᠳᠠᠷᠢ ᠡᠬᠡ ᠡᠷᠬᠡᠪᠰᠢ ᠳᠡᠷ᠎ᠡ ᠨᠡᠢᠯᠡᠭᠦᠯᠵᠦ ᠭᠡᠵᠢᠭᠡ ᠬᠣᠯᠪᠣᠬᠤ ᠶᠣᠰᠣᠲᠠᠢ ᠶᠤᠮᠰᠠᠨᠵᠠᠢ ᠃ ᠡᠨᠡ ᠦᠶ᠎ᠡ ᠳ᠋ᠦ᠍ ᠨᠣᠭᠣᠭᠠᠨ ᠳᠠᠷᠢ ᠡᠬᠡ ᠬᠢᠲᠠᠳ ᠤ᠋ᠨ ᠬᠠᠭᠠᠨ ᠤ᠋ ᠭᠡᠷ ᠲᠦ᠍ ᠢᠯᠡᠷᠡᠵᠦ ᠂ ᠨᠡᠷ᠎ᠡ ᠶ᠋ᠢ ᠨᠢ ᠥᠨᠥᠴᠢᠨ ᠭᠦᠨᠴᠦ ( ᠸᠸᠨ ᠴᠧᠩ ᠭᠦᠩᠵᠦ) ᠭᠡᠳᠡᠭ ᠪᠠᠢᠵᠠᠢ᠃ᠲᠡᠭᠦᠨ ᠢ᠋ ᠰᠣᠷᠢᠨᠵᠢᠨ ᠭᠣᠮᠪᠣ ᠬᠠᠭᠠᠨ ᠳ᠋ᠤ᠌ ᠠᠪᠴᠢᠷᠠᠬᠤ ᠴᠢᠳᠠᠪᠤᠷᠢ ᠲᠠᠢ ᠬᠥᠮᠦᠨ ᠢ᠋ ᠪᠦᠬᠦ ᠲᠠᠩᠭᠤᠳ ᠣᠷᠣᠨ ᠠ᠋ᠴᠠ ᠬᠠᠢᠭᠠᠳ ᠣᠯᠤᠭᠰᠠᠨ ᠦᠭᠡᠢ ᠲᠤᠯᠠ ᠬᠠᠮᠤᠭ ᠰᠡᠭᠦᠯ ᠳ᠋ᠦ᠍ ᠬᠡᠨ ᠡᠴᠡ ᠴᠦ᠍ ᠮᠡᠷᠭᠡᠨ᠂ ᠬᠡᠯᠡ ᠲᠡᠢ ᠠᠮᠠ ᠲᠠᠢ ᠂ ᠬᠡᠴᠡᠭᠦᠦ ᠬᠡᠷᠰᠡᠦ ᠬᠣᠢᠲᠤ ᠮᠡᠷᠭᠡᠨ ᠲᠡᠮᠦᠨᠡ ᠶ᠋ᠢ ᠶᠠᠪᠤᠭᠤᠯᠬᠤ ᠪᠠᠷ ᠪᠣᠯᠤᠭᠰᠠᠨ ᠭᠡᠨ᠎ᠡ ᠃  ᠡᠨᠡ ᠬᠢᠲᠠᠳ ᠤ᠋ᠨ ᠭᠠᠵᠠᠷ ᠪᠣᠯᠪᠠᠯ ᠬᠠᠮᠤᠭ ᠤ᠋ᠨ ᠰᠦᠷᠡᠬᠡᠢ ᠬᠥᠭᠵᠢᠭᠰᠡᠨ ᠭᠠᠵᠠᠷ ᠃ ᠳᠡᠯᠡᠬᠡᠢ ᠳ᠋ᠦ᠍ ᠦᠭᠡᠢ ᠬᠬᠢᠪ ᠲᠣᠷᠭ᠎ᠠ ᠲᠠᠢ ᠭᠡᠨ᠎ᠡ᠂ᠬᠣᠷᠸ᠎ᠠ ᠳ᠋ᠤ᠌ ᠬᠣᠪᠣᠷ ᠬᠣᠪᠴᠢ ᠰᠢᠷ᠎ᠠ ᠵᠢᠷᠤᠬᠠᠢ ᠲᠠᠢ ᠭᠡᠨ᠎ᠡ᠂ ᠡᠨᠡ ᠬᠣᠪᠴᠢ ᠰᠢᠷ᠎ᠠ ᠵᠢᠷᠤᠬᠠᠢ ᠨᠢ ᠬᠥᠮᠦᠨ ᠦ᠌ ᠶᠠᠭᠤ ᠬᠡᠯᠡᠵᠦ ᠶᠠᠭᠤ ᠬᠢᠵᠦ ᠪᠠᠢᠬᠤ ᠶ᠋ᠢ ᠪᠦᠷ ᠮᠡᠳᠡᠴᠢᠬᠡᠳᠡᠭ ᠭᠡᠨ᠎ᠡ ᠪᠢᠯᠡ ᠃ ᠳᠠᠬᠢᠵᠤ ᠬᠡᠯᠡᠪᠡᠯ ᠠᠳᠤᠭᠤᠨ ᠳ᠋ᠤᠨᠢ ᠠᠷᠠᠨᠵᠠᠯ ᠠᠭᠲᠠ (ᠠᠵᠢᠨᠠᠢ ᠬᠦᠯᠦᠭ ) ᠵᠠᠶᠠᠭᠠᠭᠰᠠᠨ᠂ ᠡᠮᠡᠰ ᠦ᠋ᠨ ᠳᠤᠮᠳᠠ ᠨᠢ ᠨᠣᠭᠣᠭᠠᠨ ᠳᠠᠷᠢ ᠡᠬᠡ ᠵᠠᠶᠠᠭᠠᠭᠰᠠᠨ᠂ᠡᠷᠡᠰ ᠦ᠋ᠨ ᠳᠤᠮᠳᠠ ᠨᠢ ᠭᠠᠢᠬᠠᠰᠢ ᠲᠠᠢ ᠳᠣᠯᠣᠭᠠᠨ ᠡᠮᠴᠢ ᠵᠠᠶᠠᠭᠠᠭᠰᠠᠨ ᠂ ᠡᠨᠡ ᠳᠣᠯᠣᠭᠠᠨ ᠡᠮᠴᠢ ᠶ᠋ᠢᠨ ᠮᠡᠷᠭᠡᠵᠢᠯ ᠭᠡᠪᠡᠯ ᠦᠬᠦᠭᠰᠡᠨ ᠬᠥᠮᠦᠨ ᠢ᠋ ᠠᠮᠢᠯᠠᠭᠤᠯᠤᠨ ᠴᠢᠳᠠᠳᠠᠭ ᠭᠡᠨ᠎ᠡ ᠃ ᠬᠣᠢᠲᠤ ᠮᠡᠷᠭᠡᠨ ᠲᠡᠮᠦᠨᠡ ᠂ ᠰᠣᠷᠢᠨᠵᠢᠨ ᠭᠣᠮᠪᠣ ᠬᠠᠭᠠᠨ ᠳ᠋ᠤ᠌ ᠥᠨᠥᠴᠢᠨ ᠭᠦᠨᠴᠦ ᠶ᠋ᠢ ᠵᠠᠯᠠᠵᠤ ᠠᠪᠴᠢᠷᠠᠬᠤ ᠪᠠᠷ ᠬᠢᠲᠠᠳ ᠤ᠋ᠨ ᠣᠷᠣᠨ ᠳ᠋ᠤ᠌ ᠬᠦᠷᠬᠦ ᠳ᠋ᠦ᠍ ᠂ ᠡᠨᠡ ᠬᠢᠲᠠᠳ ᠤ᠋ᠨ ᠣᠷᠣᠨ ᠠ᠋ᠴᠠ ᠬᠠᠲᠤᠨ ᠵᠠᠯᠠᠵᠤ ᠢᠷᠡᠬᠦ ᠭᠡᠳᠡᠭ ᠬᠡᠴᠡᠭᠦᠦ ᠪᠠᠢᠪᠠ ᠭᠡᠨ᠎ᠡ ᠃ ᠡᠬᠢᠯᠡᠭᠰᠡᠭᠡᠷ ᠬᠢᠲᠠᠳ ᠤ᠋ᠨ ᠬᠠᠭᠠᠨ ᠲᠠᠩᠭᠤᠳ ᠤ᠋ᠨ ᠬᠠᠭᠠᠨ ᠳ᠋ᠤ᠌ ᠬᠡᠦᠬᠡᠨ ᠢ᠋ᠶ᠋ᠡᠨ ᠥᠭᠬᠦ ᠦᠭᠡᠢ ᠭᠡᠵᠦ ᠮᠠᠷᠭᠤᠯᠳᠤᠭᠰᠠᠨ ᠭᠡᠨ᠎ᠡ ᠂ ᠭᠡᠪᠡᠴᠦ ᠡᠴᠦᠰ ᠲᠡᠭᠡᠨ ᠬᠣᠢᠲᠤ ᠮᠡᠷᠭᠡᠨ ᠲᠡᠮᠦᠨᠡ ᠶ᠋ᠢᠨ ᠬᠡᠯᠡ ᠠᠮᠠᠨ ᠤ᠋ ᠬᠤᠷᠴᠠ ᠳ᠋ᠤ᠌ ᠳᠠᠷᠤᠭᠳᠠᠭᠰᠠᠨ ᠭᠡᠨ᠎ᠡ ᠂ ᠲᠡᠭᠡᠭᠡᠳ ᠠᠷᠭ᠎ᠠ ᠶᠠᠳᠠᠬᠤ ᠳ᠋ᠠᠭᠠᠨ ᠬᠣᠢᠲᠤ ᠮᠡᠷᠭᠡᠨ ᠲᠡᠮᠦᠨᠡ ᠲᠡᠢ ᠭᠤᠷᠪᠠᠨ ᠵᠦᠢᠯ ᠦ᠋ᠨ ᠮᠠᠷᠭᠤᠭ᠎ᠠ ᠲᠠᠯᠪᠢᠵᠠᠢ ᠃ 
       ᠨᠢᠭᠡᠳᠦᠭᠡᠷ ᠮᠠᠷᠭᠤᠭ᠎ᠠ ᠨᠢ ᠶᠠᠭᠤ ᠶᠤᠮ? ᠭᠡᠬᠦᠯ᠎ᠡ ᠂ ᠳᠣᠲᠣᠷ᠎ᠠ ᠪᠠᠨ ᠮᠠᠲᠠᠭᠠᠷ ᠳᠠᠳᠠᠭᠠᠷ ᠨᠦᠬᠡ ᠲᠡᠢ ᠠᠯᠠᠭᠠᠨ ᠴᠢᠨᠡᠭᠡᠨ ᠬᠠᠰ ᠴᠢᠯᠠᠭᠤ ᠠᠪᠴᠢᠷᠠᠭᠠᠳ ᠤᠲᠠᠰᠤ ᠪᠠᠷ ᠰᠦᠪᠡᠯᠡᠨ ᠭᠠᠷᠭ᠎ᠠ ᠭᠡᠵᠦ ᠭᠡᠨ᠎ᠡ ᠃ ᠨᠠᠰᠢ ᠴᠠᠰᠢ ᠬᠤᠭᠤᠰ ᠨᠤᠭᠤᠰ ᠨᠦᠬᠡ ᠭᠠᠷᠤᠭᠰᠠᠨ ᠴᠢᠯᠠᠭᠤ ᠶ᠋ᠢ ᠰᠦᠪᠡᠯᠡᠨ᠎ᠡ ᠭᠡᠳᠡᠭ ᠴᠦ᠍ ᠦᠬᠡᠷ ᠮᠠᠯ ᠤ᠋ᠨ ᠳᠣᠲᠣᠷ ᠢ᠋ ᠰᠦᠪᠡᠯᠡᠵᠦ ᠭᠠᠷᠭᠠᠬᠤ ᠠ᠋ᠴᠠ ᠬᠡᠴᠡᠭᠦᠦ ᠪᠠᠢᠪᠠ ᠃ ᠭᠡᠪᠡᠴᠦ ᠬᠣᠢᠲᠤ ᠮᠡᠷᠭᠡᠨ ᠲᠡᠮᠦᠨᠡ ᠰᠠᠨᠳᠤᠷᠤᠭᠰᠠᠨ ᠦᠭᠡᠢ᠂ᠬᠠᠵᠠᠭᠤ ᠠ᠋ᠴᠠ ᠪᠠᠨ ᠨᠢᠭᠡ ᠰᠢᠷᠭᠤᠯᠵᠢ ᠪᠠᠷᠢᠵᠤ ᠤᠭᠤᠴᠠ ᠠ᠋ᠴᠠ ᠨᠢ ᠤᠲᠠᠰᠤ ᠪᠠᠷ ᠣᠭᠣᠰᠣᠷᠯᠠᠭᠠᠳ ᠂ ᠬᠠᠰ ᠤ᠋ᠨ ᠨᠦᠬᠡ ᠤᠷᠤᠭᠤ ᠲᠠᠯᠪᠢᠵᠤ ᠣᠷᠣᠭᠤᠯᠬᠤ ᠳ᠋ᠤ᠌ ᠤᠳᠠᠵᠤ ᠤᠳᠠᠭᠠᠳ ᠴᠠᠭᠠᠳᠤ ᠲᠠᠯ᠎ᠠ ᠪᠠᠷ ᠨᠢ ᠭᠠᠷᠤᠭᠠᠳ ᠢᠷᠡᠵᠦ ᠭᠡᠨ᠎ᠡ ᠃ ᠰᠢᠷᠭᠤᠯᠵᠢ ᠤᠭᠤᠴᠠ ᠪᠠᠷ ᠢ᠋ᠶ᠋ᠠᠨ ᠲᠠᠰᠤᠷᠬᠠᠢ ᠲᠠᠢ ᠪᠠᠢᠳᠠᠭ ᠨᠢ ᠡᠭᠦᠨ ᠡᠴᠡ ᠪᠣᠯᠤᠭᠰᠠᠨ ᠶᠤᠮ ᠭᠡᠨ᠎ᠡ ᠃ ᠮᠡᠷᠭᠡᠨ ᠲᠡᠮᠦᠨᠡ ᠢᠩᠭᠢᠵᠦ ᠰᠦᠪᠡᠯᠡᠭᠰᠡᠨ ᠬᠠᠰ ᠢ᠋ᠶ᠋ᠠᠨ ᠬᠢᠲᠠᠳ ᠤ᠋ᠨ ᠬᠠᠭᠠᠨ ᠳ᠋ᠤ᠌ ᠠᠪᠠᠴᠢᠭᠠᠳ ᠥᠭᠬᠦ ᠳ᠋ᠦ᠍ ᠂ ᠬᠠᠭᠠᠨ ᠬᠣᠶᠠᠳᠤᠭᠠᠷ ᠮᠠᠷᠭᠤᠭ᠎ᠠ ᠪᠠᠨ ᠲᠠᠯᠪᠢᠵᠤ ᠭᠡᠨ᠎ᠡ ᠃ ᠬᠣᠶᠠᠳᠤᠭᠠᠷ ᠮᠠᠷᠭᠤᠭ᠎ᠠ ᠨᠢ ᠶᠠᠭᠤ ᠶᠤᠮ ᠭᠡᠬᠦᠯ᠎ᠡ ? ᠬᠠᠭᠠᠨ ᠄ 
       - ᠡᠨᠡ ᠣᠷᠣᠢ ᠶᠡᠬᠡ ᠣᠷᠳᠣᠨ ᠤ᠋ ᠨᠠᠢᠷ ᠬᠢᠨ᠎ᠡ ᠂ ᠴᠢ ᠣᠷᠳᠣᠨ ᠳ᠋ᠤ᠌ ᠣᠷᠣᠬᠤ ᠳ᠋ᠤ᠌ ᠳᠠᠭᠠᠭᠤᠯᠬᠤ ᠬᠥᠮᠦᠨ ᠪᠠᠢᠬᠤ ᠠ᠋ᠴᠠ ᠪᠢᠰᠢ ᠭᠠᠷᠬᠤ ᠳ᠋ᠤ᠌ ᠳᠠᠭᠠᠭᠤᠯᠬᠤ ᠬᠥᠮᠦᠨ ᠪᠠᠢᠬᠤ ᠦᠭᠡᠢ᠃ ᠣᠷᠳᠣᠨ ᠠ᠋ᠴᠠ ᠭᠠᠷᠤᠭᠠᠳ ᠰᠠᠭᠤᠵᠤ ᠪᠠᠢᠭ᠎ᠠ ᠭᠡᠷ᠎ᠡ ᠪᠡᠨ ᠴᠢ ᠥᠪᠡᠷ ᠢ᠋ᠶ᠋ᠡᠨ ᠣᠯᠵᠤ ᠴᠢᠳᠠᠪᠠᠯ ᠬᠡᠦᠬᠡᠨ ᠢ᠋ ᠠᠪᠤᠭᠠᠳ ᠶᠠᠪᠤ ᠭᠡᠵᠦ ᠬᠡᠯᠡᠵᠦ ᠭᠡᠨ᠎ᠡ ᠃  ᠮᠡᠷᠭᠡᠨ ᠲᠡᠮᠦᠨᠡ ᠮᠢᠩᠭᠠᠨ ᠠᠯᠲᠠ ᠮᠢᠨᠳᠠᠰᠤᠨ ᠤᠲᠠᠰᠤ ᠶ᠋ᠢ ᠨᠢᠳᠤᠷᠮ᠎ᠠ ( ᠨᠢᠳᠤᠷᠭ᠎ᠠ ) ᠶ᠋ᠢᠨ ᠴᠢᠨᠡᠭᠡᠨ ᠪᠣᠯᠲᠠᠯ᠎ᠠ ᠪᠥᠮᠪᠥᠭᠡᠯᠡᠵᠦ ᠬᠠᠨᠴᠤᠢᠯᠠᠭᠠᠳ᠂ ᠢᠷᠡᠭᠰᠡᠨ ᠬᠥᠮᠦᠨ ᠢ᠋ ᠨᠢ ᠳᠠᠭᠠᠵᠤ ᠣᠷᠳᠣᠨ ᠳ᠋ᠤ᠌ ᠣᠷᠣᠬᠤ ᠳ᠋ᠠᠭᠠᠨ ᠤᠲᠠᠰᠤᠨ ᠤ᠋ ᠪᠠᠨ ᠨᠢᠭᠡ ᠦᠵᠦᠭᠦᠷ ᠢ᠋ ᠡᠭᠦᠳᠡᠨ ᠡᠴᠡ ᠪᠡᠨ ᠤᠶᠠᠵᠤ ᠂ ᠬᠠᠨᠴᠤᠢ ᠠ᠋ᠴᠠ ᠪᠠᠨ ᠴᠤᠪᠤᠭᠤᠯᠤᠨ ᠶᠠᠪᠤᠭᠠᠳ ᠪᠠᠢᠪᠠ ᠭᠡᠨ᠎ᠡ ᠃ ᠮᠢᠩᠭᠠᠨ ᠥᠷᠥᠭᠡ ᠲᠦᠮᠡᠨ ᠲᠠᠰᠤᠯᠭ᠎ᠠ ᠶ᠋ᠢ ᠳᠡᠮᠵᠢᠵᠦ᠂ᠭᠤᠷᠪᠠᠯᠵᠢᠨ ᠳᠥᠷᠪᠡᠯᠵᠢᠨ ᠤᠭᠠᠯᠵᠠᠨ ᠲᠦᠭᠡᠯᠵᠡᠨ ᠬᠡᠯᠪᠡᠷᠢᠲᠦ ᠤᠷᠲᠤ ᠰᠠᠷᠠᠪᠴᠢ ᠶ᠋ᠢ ᠳ᠋ᠡᠭᠡᠨ ᠭᠤᠯᠵᠢᠩ ᠮᠠᠯᠵᠢᠩ ᠶᠠᠪᠤᠭᠰᠠᠭᠠᠷ ᠶᠠᠪᠤᠭᠰᠠᠭᠠᠷ ᠪᠠᠢᠲᠠᠯ᠎ᠠ ᠲᠣᠯᠣᠭᠠᠢ ᠡᠬᠢ ᠡᠷᠭᠢᠵᠦ᠂ ᠬᠠᠮᠢᠭ᠎ᠠ ᠠ᠋ᠴᠠ ᠢᠷᠡᠵᠦ ᠬᠠᠮᠢᠭᠠᠰᠢ ᠬᠠᠨᠳᠤᠨ ᠶᠠᠪᠤᠭ᠎ᠠ ᠪᠠᠨ ᠴᠣ ᠮᠡᠳᠡᠬᠦ ᠦᠭᠡᠢ ᠪᠠᠢᠲᠠᠯ᠎ᠠ ᠬᠡᠵᠢᠶᠡᠨᠡᠢ ᠭᠣᠣᠯ ᠣᠷᠳᠣᠨ ᠳ᠋ᠤ᠌ ᠣᠷᠣᠭᠠᠳ ᠢᠷᠡᠴᠢᠬᠡᠭᠰᠡᠨ ᠪᠠᠢᠪᠠ ᠭᠡᠨ᠎ᠡ ᠃ ᠰᠥᠨᠢ ᠬᠤᠭᠤᠰᠯᠠᠲᠠᠯ᠎ᠠ  ᠨᠠᠢᠷ ᠪᠣᠯᠤᠭᠠᠳ᠂ᠪᠤᠴᠠᠬᠤ ᠦᠶ᠎ᠡ ᠳ᠋ᠦ᠍ ᠲᠡᠭᠦᠨ ᠢ᠋ ᠭᠠᠭᠴᠠᠭᠠᠷ ᠣᠷᠬᠢᠭᠠᠳ ᠶᠠᠪᠤᠵᠠᠭᠠᠵᠠᠢ ᠃ ᠲᠡᠭᠡᠬᠦ ᠳ᠋ᠦ᠍ᠨᠢ ᠮᠡᠷᠭᠡᠨ ᠲᠡᠮᠦᠨᠡ ᠰᠠᠢᠬᠢ ᠴᠤᠪᠤᠭᠤᠯᠵᠤ ᠢᠷᠡᠭᠰᠡᠨ ᠤᠲᠠᠰᠤ ᠪᠠᠨ ᠳᠠᠭᠠᠭᠠᠳ ᠬᠠᠷᠢᠵᠤ ᠭᠡᠨ᠎ᠡ ᠃ ᠮᠠᠩᠭᠠᠳᠤᠷ ᠦᠷᠦᠭᠦᠨ ( ᠥᠷᠯᠥᠭᠡ ) ᠨᠢ ᠬᠠᠭᠠᠨ ᠄ᠡᠦᠲᠦ ᠯᠡ ᠨᠢᠭᠡ ᠲᠥᠭᠡᠷᠢᠵᠦ ᠲᠡᠨᠦᠨ ᠬᠡᠷᠡᠮ ᠦ᠋ᠨ ᠢᠷᠣᠭᠠᠯ ( ᠢᠷᠣᠭᠠᠷ ) ᠲᠤ᠌ ᠬᠡᠪᠲᠡᠵᠦ ᠬᠣᠨᠣᠭᠠᠳ ᠮᠠᠷᠭᠤᠭᠠᠨ ᠳ᠋ᠤ᠌ ᠤᠨᠠᠭᠰᠠᠨ ᠪᠣᠢ ᠭᠡᠵᠦ ᠪᠣᠳᠣᠨ ᠢᠷᠡᠵᠦ ᠦᠵᠡᠬᠦ ᠳ᠋ᠦ᠍ ᠮᠡᠷᠭᠡᠨ ᠲᠡᠮᠦᠨᠡ ᠬᠠᠷᠢᠨ ᠣᠷᠣ ᠳᠡᠭᠡᠷ᠎ᠡ ᠪᠡᠨ ᠠᠮᠤᠷᠯᠢᠩᠭᠤᠢ ᠨᠣᠢᠷᠰᠤᠨ ᠪᠠᠢᠪᠠ ᠭᠡᠨ᠎ᠡ ᠃ ᠬᠠᠭᠠᠨ ᠬᠡᠦᠬᠡᠨ ᠢ᠋ᠶ᠋ᠡᠨ ᠲᠥᠪᠡᠳ ᠲᠦ᠍ ᠥᠭᠬᠦ ᠳᠤᠷ᠎ᠠ ᠨᠢ ᠡᠰᠡ ᠬᠦᠷᠬᠦ ᠳ᠋ᠡᠭᠡᠨ ᠬᠣᠶᠠᠳᠠᠭᠴᠢ ᠤᠳᠠᠭ᠎ᠠ ᠦᠭᠡ ᠪᠡᠨ ᠢᠳᠡᠵᠦ ᠂ ᠭᠤᠷᠪᠠᠳᠤᠭᠠᠷ ᠮᠠᠷᠭᠤᠭ᠎ᠠ ᠪᠠᠨ ᠲᠠᠯᠪᠢᠵᠠᠢ ᠃ ᠭᠤᠷᠪᠠᠳᠤᠭᠠᠷ ᠮᠠᠷᠭᠤᠭ᠎ᠠ ᠨᠢ ᠶᠠᠭᠤ ᠪᠣᠯᠳᠠᠭ? ᠭᠡᠬᠦᠯ᠎ᠡ ᠂ ᠬᠠᠭᠠᠨ ᠄ 
       - ᠭᠤᠷᠪᠠᠨ ᠡᠳᠦᠷ ᠦ᠋ᠨ ᠳᠠᠷᠠᠭ᠎ᠠ ᠴᠢᠨᠦ ᠡᠮᠦᠨ᠎ᠡ ᠭᠤᠷᠪᠠᠨ ᠵᠠᠭᠤᠨ ᠠᠨ᠎ᠠ ᠮᠠᠨ᠎ᠠ ᠬᠤᠪᠴᠠᠰᠤ ᠲᠠᠢ ᠂ ᠠᠪ ᠠᠳᠠᠯᠢ ᠵᠢᠰᠦ ᠲᠡᠢ ᠬᠡᠦᠬᠡᠨ ᠢ᠋ ᠠᠪᠴᠢᠷᠠᠨ᠎ᠠ ᠂ ᠲᠡᠳᠡᠨ ᠦ᠌ ᠳᠣᠲᠣᠷ᠎ᠠ ᠠ᠋ᠴᠠ ᠥᠨᠥᠴᠢᠨ ᠭᠦᠨᠴᠦ ᠶ᠋ᠢ ᠲᠠᠨᠢᠵᠤ ᠴᠢᠳᠠᠪᠠᠯ ᠠᠪᠤᠭᠠᠳ ᠶᠠᠪᠤ ᠭᠡᠵᠦ ᠬᠡᠯᠡᠵᠡᠢ ᠃ ᠡᠨᠡ  ᠮᠠᠷᠭᠤᠭᠠᠨ ᠠ᠋ᠴᠠ ᠬᠣᠢᠲᠤ ᠮᠡᠷᠭᠡᠨ ᠲᠡᠮᠦᠨᠡ ᠴᠦ᠍ ᠠᠶᠤᠵᠤ ᠡᠬᠢᠯᠡᠵᠦ ᠭᠡᠨ᠎ᠡ ᠄ ᠨᠣᠭᠣᠭᠠᠨ ᠳᠠᠷᠢ ᠡᠬᠡ 
       - ᠥᠨᠥᠴᠢᠨ ᠭᠦᠨᠴᠦ ᠶ᠋ᠢ ᠲᠠᠨᠢᠬᠤ ᠬᠥᠮᠦᠨ ᠪᠠᠷᠤᠭ ᠪᠠᠢᠬᠤ ᠦᠭᠡᠢ ᠮᠥᠷᠲᠡᠭᠡᠨ ᠂ ᠲᠠᠨᠢᠬᠤ ᠬᠥᠮᠦᠨ ᠪᠠᠢᠬᠤ ᠪᠠᠷ ᠪᠣᠳᠣᠭᠰᠠᠨ ᠴᠣ ᠬᠣᠪᠴᠢ ᠰᠢᠷ᠎ᠠ ᠵᠢᠷᠤᠬᠠᠢ ᠠ᠋ᠴᠠ ᠠᠶᠤᠭᠠᠳ ᠬᠡᠯᠡᠳᠡᠭ ᠦᠭᠡᠢ ᠶᠤᠮᠰᠠᠨᠵᠠᠢ ᠃ ᠮᠡᠷᠭᠡᠨ ᠲᠡᠮᠦᠨᠡ ᠠᠷᠭ᠎ᠠ ᠶᠠᠳᠠᠬᠤ ᠳ᠋ᠠᠭᠠᠨ ᠬᠠᠭᠠᠨ ᠤ᠋ ᠡᠭᠦᠳᠡᠨ ᠳ᠋ᠡᠬᠢ ᠨᠢᠭᠡᠨ ᠵᠠᠷᠤᠴᠠ ᠡᠮᠡᠭᠡᠨ ᠡᠴᠡ  ᠰᠤᠷᠠᠵᠠᠢ ᠃ ᠡᠮᠡᠭᠡᠨ ᠶᠠᠮᠠᠷ ᠴᠣ ᠬᠠᠷᠢᠭᠤ ᠦᠭᠭᠦᠭᠰᠡᠨ ᠦᠭᠡᠢ ᠬᠣᠶᠠᠷ ᠬᠣᠨᠣᠵᠤ ᠂ ᠭᠤᠷᠪᠠᠳᠤᠭᠠᠷ ᠡᠳᠦᠢ ᠪᠡᠨ ᠮᠡᠷᠭᠡᠨ ᠲᠡᠮᠦᠨᠡ ᠳ᠋ᠦ᠍ ᠢᠷᠡᠭᠡᠳ ᠄ 
       - ᠥᠨᠥᠴᠢᠨ ᠭᠦᠨᠴᠦ ᠶ᠋ᠢ ᠲᠠᠨᠢᠵᠤ ᠠᠪᠬᠤ ᠠᠷᠭ᠎ᠠ ᠶ᠋ᠢ ᠮᠢᠨᠦ ᠬᠡᠦᠬᠡᠨ ᠡᠴᠡ ᠠᠰᠠᠭᠤ ᠭᠡᠵᠦ ᠬᠡᠯᠡᠮᠡᠭᠴᠡ ᠭᠠᠷᠤᠭᠠᠳ ᠶᠠᠪᠤᠴᠢᠬᠠᠵᠤ ᠭᠡᠨ᠎ᠡ ᠃ ᠮᠡᠷᠭᠡᠨ ᠲᠡᠮᠦᠨᠡ ᠠᠷᠤ ᠠ᠋ᠴᠠ ᠨᠢ ᠬᠥᠭᠡᠭᠡᠵᠦ ᠭᠠᠷᠤᠭᠠᠳ᠄ 
       - ᠲᠠᠨ ᠤ᠋ ᠬᠡᠦᠬᠡᠨ ᠬᠠᠮᠢᠭ᠎ᠠ ᠪᠣᠢ? ᠭᠡᠪᠡᠯ᠄ 
       - ᠡᠨᠡ ᠡᠮᠦᠨ᠎ᠡ ᠬᠠᠷᠠᠯᠠᠨ ᠦᠵᠡᠭᠳᠡᠵᠦ ᠪᠠᠢᠭ᠎ᠠ ᠡᠵᠡᠭᠦᠢ ᠠᠭᠤᠯᠠᠨ ᠳ᠋ᠤ᠌ ᠵᠣᠯᠢᠭ ᠲᠤ᠌ ᠭᠠᠷᠭᠠᠭᠰᠠᠨ ( ᠴᠥᠯᠡᠭᠳᠡᠭᠰᠡᠨ ) ᠶᠦᠮ ᠭᠡᠵᠦ ᠭᠡᠨ᠎ᠡ᠃  
       - ᠵᠠᠮ ᠦᠭᠡᠢ ᠠᠭᠤᠯᠠᠨ ᠳ᠋ᠤ᠌ ᠪᠢ ᠶᠠᠭᠠᠬᠢᠵᠤ ᠬᠦᠷᠴᠦ ᠰᠤᠷᠠᠬᠤ ᠪᠣᠢ ? ᠭᠡᠬᠦ ᠳ᠋ᠦ᠍ ᠡᠮᠡᠭᠡᠨ ᠄  
       - ᠨᠠᠶᠠᠨ ᠦᠶᠡᠲᠦ ᠨᠠᠷᠢᠨ ᠴᠠᠭᠠᠨ ᠬᠤᠯᠤᠰᠤ ᠶ᠋ᠢ ᠨᠠᠢ᠍ᠮᠠᠨ ᠲᠡᠪᠡᠷᠢ ᠠᠪᠴᠢᠷᠠᠭᠠᠳ ᠦᠶ᠎ᠡ ᠦᠶ᠎ᠡ ᠪᠡᠷ ᠨᠢ ᠬᠢᠷᠥᠭᠡᠳᠡᠨ ᠳᠠᠭᠠᠷᠢᠵᠤ ᠂ ᠳᠠᠬᠢᠨ ᠭᠤᠤᠷᠰᠤ ᠶ᠋ᠢ ᠨᠢ ᠠᠭᠤᠯᠠᠨ ᠳᠡᠭᠡᠭᠦᠷ ᠤᠭᠰᠠᠷᠠᠭᠤᠯᠤᠨ ᠲᠠᠯᠪᠢᠭᠠᠳ ᠰᠤᠷᠠᠵᠤ ᠠᠪᠬᠤ ᠭᠠᠭᠴᠠ ᠠᠷᠭ᠎ᠠ ᠪᠠᠢᠳᠠᠭ ᠪᠢᠯᠡ ᠭᠡᠵᠦ ᠭᠡᠨ᠎ᠡ ᠃ 
       ᠵᠠ ᠲᠡᠭᠡᠭᠡᠳ ᠡᠨᠡ ᠡᠮᠡᠭᠡᠨ ᠦ᠌ ᠬᠡᠦᠬᠡᠨ ᠨᠢ ᠶᠠᠭᠠᠬᠢᠭᠠᠳ ᠵᠣᠯᠢᠭ ᠲᠤ᠌ ᠭᠠᠷᠤᠭᠰᠠᠨ ᠪᠣᠢ? ᠭᠡᠪᠡᠯ᠂ ᠪᠠᠰᠠ ᠶᠡᠬᠡ ᠦᠯᠢᠭᠡᠷ ᠲᠡᠢ ᠶᠦᠮ ᠪᠠᠢᠵᠤ ᠭᠡᠨ᠎ᠡ᠃  
       ᠬᠠᠭᠠᠨ ᠤ᠋ ᠣᠷᠳᠣᠨ ᠤ᠋ ᠵᠠᠭᠤ ᠮᠢᠩᠭᠠᠨ ᠰᠢᠪᠡᠭᠴᠢᠨ ᠳᠣᠲᠣᠷ᠎ᠠ ᠲᠡᠷᠡ ᠬᠡᠦᠬᠡᠨ ᠬᠠᠮᠤᠭ ᠮᠠᠷᠮᠠᠬᠠᠨ ( ᠭᠣᠶᠣ ᠂ ᠬᠥᠭᠡᠷᠦᠬᠦᠨ ) ᠵᠢᠰᠦ ᠲᠡᠢ ᠪᠠᠢᠭᠰᠠᠨ ᠢ᠋ ᠬᠠᠭᠠᠨ ᠮᠡᠳᠡᠭᠡᠳ ᠭᠣᠣᠯ ᠣᠷᠳᠣᠨ ᠤ᠋ ᠰᠢᠪᠡᠭᠴᠢᠨ ᠪᠣᠯᠭᠠᠭᠰᠠᠨ ᠭᠡᠨ᠎ᠡ ᠃ ᠬᠡᠦᠬᠡᠨ ᠢ᠋ ᠭᠣᠣᠯ ᠣᠷᠳᠣᠨ ᠳ᠋ᠤ᠌ ᠠᠪᠴᠢᠷᠠᠬᠤ ᠦᠶ᠎ᠡ ᠳ᠋ᠦ᠍ ᠬᠠᠷ᠎ᠠ ᠪᠠᠭ᠎ᠠ ᠠ᠋ᠴᠠ ᠪᠠᠨ ᠬᠠᠮᠲᠤ ᠥᠰᠦᠭᠰᠡᠨ ᠯᠢᠮᠪᠤᠴᠢᠨ ᠬᠦᠦ ᠨᠢ ᠄  
       - ᠴᠢ ᠶᠠᠪᠤᠭᠰᠠᠨ ᠠᠷᠤ ᠳ᠋ᠤ᠌ ( ᠬᠣᠢᠨ᠎ᠠ ) ᠪᠢ ᠶᠠᠭᠠᠬᠢᠬᠤ ᠪᠣᠢ ? ᠭᠡᠵᠦ ᠭᠡᠨ᠎ᠡ᠃ ᠬᠡᠦᠬᠡᠨ᠄ 
       - ᠨᠠᠶᠠᠨ ᠦᠶᠡᠲᠦ ᠨᠠᠷᠢᠨ ᠴᠠᠭᠠᠨ ᠬᠤᠯᠤᠰᠤᠨ ᠯᠢᠮᠪᠦ ᠳ᠋ᠡᠭᠡᠨ ᠮᠢᠨᠦ ᠳᠠᠭᠤ ᠶ᠋ᠢ ᠰᠢᠩᠭᠡᠭᠡᠳ ᠰᠣᠨᠣᠰᠤᠨ ᠰᠠᠭᠤ ᠂ ᠲᠡᠭᠡᠪᠡᠯ ᠨᠠᠮᠠᠢ ᠪᠠᠨ ᠰᠠᠨᠠᠬᠤ ᠦᠭᠡᠢ ᠶᠦᠮ ᠭᠡᠵᠦ ᠬᠡᠯᠡᠭᠡᠳ ᠯᠢᠮᠪᠦ ᠳ᠋ᠦ᠍ᠨᠢ ᠳᠠᠭᠤ ᠂ ᠦᠭᠡ ᠪᠡᠨ ᠰᠢᠩᠭᠡᠭᠡᠵᠦ ᠥᠭᠭᠦᠭᠰᠡᠨ ᠶᠦᠮ ᠭᠡᠨ᠎ᠡ ᠃ ᠡᠨᠡ ᠬᠦᠦ ᠶ᠋ᠢᠨ ᠯᠢᠮᠪᠦ ᠪᠣᠯ ᠥᠪᠡᠷ ᠢ᠋ᠶ᠋ᠡᠨ ᠳᠠᠭᠤ ᠭᠠᠷᠬᠤ ᠪᠢᠰᠢ ᠂ ᠬᠠᠷᠢᠨ ᠰᠢᠩᠭᠡᠭᠡᠵᠦ ᠠᠪᠤᠭᠰᠠᠨ ᠳᠠᠭᠤ ᠪᠠᠨ ᠭᠠᠷᠭᠠᠳᠠᠭ ᠶᠤᠮ ᠪᠠᠢᠵᠠᠢ᠃ 
       ᠭᠣᠣᠯ ᠣᠷᠳᠣᠨ ᠳ᠋ᠤ᠌ ᠣᠷᠣᠭᠰᠠᠨ ᠰᠢᠪᠡᠭᠴᠢᠳ ᠲᠦ᠍ ᠡᠳᠦᠷ ᠲᠡᠭᠡᠨ ᠬᠢᠵᠦ ᠪᠠᠷᠠᠭᠳᠠᠰᠢ ᠦᠭᠡᠢ ᠬᠠᠷ᠎ᠠ ᠬᠠᠲᠠᠭᠤ ᠠᠵᠢᠯ ᠬᠡᠴᠡᠭᠦᠦ ᠪᠣᠯᠪᠠᠴᠤ ᠬᠠᠮᠤᠭ ᠬᠡᠴᠡᠭᠦᠦ ᠨᠢ ᠬᠠᠭᠠᠨ ᠤ᠋ ᠳ᠋ᠤ᠌ ᠬᠣᠨᠣᠬᠤ ᠠᠵᠢᠯ ᠪᠠᠢᠯ᠎ᠠ ᠭᠡᠨ᠎ᠡ ᠂ ᠤᠴᠢᠷ ᠨᠢ ᠬᠠᠭᠠᠨ ᠣᠷᠣᠢ ᠪᠣᠯᠭᠠᠨ ᠨᠢᠭᠡ ᠰᠢᠪᠡᠭᠴᠢᠨ ᠢ᠋ ᠠᠪᠠᠴᠢᠭᠠᠳ ᠦᠷᠦᠭᠦᠨ ᠪᠣᠯᠬᠤ ᠪᠦᠷᠢ ᠠᠯᠠᠭᠠᠳ ᠬᠠᠶᠠᠴᠢᠬᠠᠳᠠᠭ ᠭᠡᠨ᠎ᠡ ᠂ ᠭᠡᠲᠡᠯ᠎ᠡ ᠬᠥᠮᠦᠰ ᠶᠠᠭᠤ ᠪᠣᠯᠤᠭᠰᠠᠨ ᠂ ᠬᠠᠮᠢᠭ᠎ᠠ ᠶᠠᠪᠤᠭᠰᠠᠨ ᠢ᠋ ᠨᠢ ᠴᠣ ᠮᠡᠳᠡᠳᠡᠭ ᠦᠭᠡᠢ ᠪᠠᠢᠵᠠᠢ᠃ᠣᠯᠠᠨ ᠰᠢᠪᠡᠭᠴᠢᠳ ᠴᠥᠭᠡᠷᠡᠭᠰᠡᠭᠡᠷ ᠪᠠᠢᠵᠤ ᠨᠢᠭᠡᠨ ᠡᠳᠦᠷ ᠲᠡᠷᠡ ᠬᠡᠦᠬᠡᠨ ᠦ᠌ ᠡᠭᠡᠯᠵᠢ ᠪᠣᠯᠪᠠ ᠭᠡᠨ᠎ᠡ᠃ᠰᠢᠪᠡᠭᠴᠢᠳ ᠤᠷᠢᠳᠤᠬᠢ ᠲᠠᠢ ᠪᠠᠨ ᠠᠳᠠᠯᠢ ᠣᠢᠯᠠᠵᠤ (ᠤᠬᠢᠯᠠᠵᠤ) ᠤᠨᠵᠢᠨ ᠦᠬᠦᠵᠦ ᠰᠠᠯᠬᠤ ᠶ᠋ᠢᠨ ᠶᠣᠰᠣ ᠪᠠᠨ ᠬᠢᠵᠡᠭᠡᠵᠡᠢ᠃ 
       ᠲᠡᠷᠡ ᠬᠡᠦᠬᠡᠨ ᠬᠠᠭᠠᠨ ᠤ᠋ ᠤᠨᠲᠠᠬᠤ ᠥᠷᠥᠭᠡ ᠳ᠋ᠦ᠍ ᠬᠦᠷᠦᠭᠡᠳ ᠪᠠᠢᠳᠠᠭ ᠤᠴᠢᠷ ᠢ᠋ ᠨᠢ ᠰᠢᠨ᠎ᠡ (ᠰᠠᠶᠢ) ᠨᠢᠭᠡ ᠮᠡᠳᠡᠵᠦ ᠭᠡᠨ᠎ᠡ᠄ ᠬᠠᠭᠠᠨ ᠴᠣ ᠭᠡᠵᠦ ᠰᠢᠩᠭᠡᠨ ᠳᠡᠯ ᠲᠡᠢ ᠂ ᠰᠢᠯ ᠡᠪᠡᠷ ᠲᠡᠢ ᠶᠣᠰᠣᠲᠠᠢ ᠨᠢᠭᠡ ᠵᠡᠳᠬᠡᠷ ᠦ᠋ᠨ ᠠᠮᠢᠲᠠᠨ ᠪᠠᠢᠵᠠᠢ ᠃ ᠭᠡᠲᠡᠯ᠎ᠡ ᠬᠡᠦᠬᠡᠨ ᠶᠠᠭᠤ ᠴᠣ ᠦᠵᠡᠭᠰᠡᠨ ᠮᠡᠳᠡᠭᠰᠡᠨ ᠦᠭᠡᠢ ᠰᠢᠭ ᠵᠦᠭᠡᠷ ᠤᠢᠯᠠᠭᠠᠳ ( ᠤᠬᠢᠯᠠᠭᠠᠳ ) ᠯᠠ ᠪᠠᠢᠵᠤ ᠭᠡᠨ᠎ᠡ ᠃ ᠬᠠᠭᠠᠨ ᠬᠡᠦᠬᠡᠨ ᠦ᠌ ᠣᠪᠯᠠᠨ ᠣᠢᠯᠠᠵᠤ ( ᠤᠬᠢᠯᠠᠵᠤ ) ᠪᠠᠢᠭ᠎ᠠ ᠶ᠋ᠢ ᠨᠢ ᠮᠡᠳᠡᠴᠢᠭᠡᠳ ᠵᠥᠷᠢᠴᠡ ( ᠵᠣᠷᠢᠭᠤᠳᠠ ) ᠪᠠᠷ ᠄ 
       - ᠴᠢ ᠶᠠᠭᠤᠨ ᠳ᠋ᠤ᠌ ᠤᠢᠯᠠᠵᠤ ( ᠤᠬᠢᠯᠠᠵᠤ ) ᠪᠠᠢᠬᠤ ᠪᠣᠢ ? ᠭᠡᠰᠡᠨ ᠳ᠋ᠦ᠍ ᠬᠡᠦᠬᠡᠨ ᠄ 
       - ᠲᠠ ᠮᠠᠩᠭᠠᠳᠤᠷ ᠨᠠᠮᠠᠢ ᠠᠯᠠᠬᠤ ᠪᠠᠢᠬ᠎ᠠ ᠭᠡᠪᠡᠯ ᠂ ᠬᠠᠭᠠᠨ ᠄ 
       - ᠪᠢ ᠴᠢᠮᠠᠢ ᠠᠯᠠᠬᠤ ᠦᠭᠡᠢ ᠪᠠᠢᠵᠤ ᠪᠣᠯᠤᠨ᠎ᠠ ᠤᠤ ? ᠬᠡᠮᠡᠷᠭᠡᠨ ( ᠬᠡᠷᠪᠡ ) ᠴᠢ ᠬᠥᠮᠦᠰ ᠦ᠋ᠨ ᠳᠤᠮᠳᠠ ᠣᠴᠢᠭᠠᠳ《ᠮᠠᠨ ᠤ᠋ ᠬᠠᠭᠠᠨ ᠰᠢᠩᠭᠡᠨ ᠳᠡᠯ ᠲᠡᠢ ᠂ ᠰᠢᠯ ᠡᠪᠡᠷ ᠲᠡᠢ ᠂ ᠵᠡᠳᠬᠡᠷ ᠰᠢᠭ ᠠᠮᠢᠲᠠᠨ ᠪᠠᠢᠨ᠎ᠠ 》ᠭᠡᠵᠦ ᠬᠡᠯᠡᠪᠡᠯ ᠂ ᠠᠷᠠᠳ ᠠᠯᠪᠠᠲᠤ ᠪᠦᠭᠦᠳᠡᠭᠡᠷ ᠢ᠋ᠶ᠋ᠡᠨ ᠢᠷᠡᠵᠦ ᠨᠠᠮᠠᠢ ᠴᠣᠬᠢᠭᠠᠳ ᠠᠯᠠᠴᠢᠬᠠᠬᠤ ᠦᠭᠡᠢ ᠤᠤ ? ᠭᠡᠵᠦ ᠭᠡᠨ᠎ᠡ ᠃ ᠡᠭᠦᠨ ᠳ᠋ᠦ᠍ ᠬᠡᠦᠬᠡᠨ᠂ ᠬᠠᠭᠠᠨ ᠤ᠋ ᠡᠮᠦᠨ᠎ᠡ ᠰᠥᠭᠥᠳᠦᠭᠡᠳ᠄ 
       - ᠬᠠᠭᠠᠨᠲᠠᠨ ᠮᠢᠨᠢ᠂ ᠪᠢ ᠨᠢᠭᠡ ᠴᠦ᠍ ᠬᠥᠮᠦᠨ ᠳ᠋ᠦ᠍ ᠬᠡᠯᠡᠬᠦ ᠦᠭᠡᠢ ᠭᠡᠵᠦ ᠲᠠᠨ ᠤ᠋ ᠡᠮᠦᠨ᠎ᠡ ᠠᠨᠳᠠᠭᠠᠢᠯᠠᠶ᠎ᠠ ᠂ ᠲᠠ ᠡᠦᠲᠦ ᠡᠴᠡ ᠬᠣᠢᠰᠢ ᠲᠤᠰᠠᠭᠠᠷ ( ᠣᠨᠳᠣᠣ ᠂ ᠥᠭᠡᠷ᠎ᠡ ) ᠬᠥᠮᠦᠨ ᠢ᠋  ᠬᠠᠵᠠᠭᠤ ᠳ᠋ᠠᠭᠠᠨ ᠪᠢᠲᠡᠭᠡᠢ ᠪᠠᠢᠯᠭ᠎ᠠ ! ᠪᠢ ᠬᠠᠭᠠᠨ ᠳ᠋ᠠᠭᠠᠨ ᠠᠨᠳᠠᠭᠠᠢ ᠲᠠᠯᠪᠢᠭᠰᠠᠨ ᠬᠣᠢᠨ᠎ᠠ ᠨᠠᠰᠤ ᠪᠠᠷ ᠢ᠋ᠶ᠋ᠠᠨ ᠲᠠᠨ ᠤ᠋ ᠳᠡᠷᠭᠡᠳᠡ ᠪᠠᠢᠶ᠎ᠠ ᠂ ᠲᠡᠭᠡᠪᠡᠯ ᠨᠠᠳᠠ ᠠ᠋ᠴᠠ ᠲᠤᠰᠠᠭᠠᠷ ᠨᠢᠭᠡ ᠴᠦ᠍ ᠬᠥᠮᠦᠨ ᠮᠡᠳᠡᠬᠦ ᠦᠭᠡᠢ ᠪᠢᠰᠢᠦ ? ᠭᠡᠵᠡᠢ᠃  
      ᠬᠡᠦᠬᠡᠨ ᠠᠨᠳᠠᠭᠠᠢ ᠲᠠᠯᠪᠢᠭᠠᠳ ᠪᠠᠢᠬᠤ ᠪᠠᠷ ᠨᠢ ᠬᠠᠭᠠᠨ ᠪᠠᠬᠠᠨ ᠢᠲᠡᠭᠡᠯ ᠲᠡᠢ ᠪᠣᠯᠤᠭᠰᠠᠨ ᠭᠡᠨ᠎ᠡ᠃ ᠦᠨᠡᠨᠳᠡᠭᠡᠨ ᠴᠦ᠍ ᠲᠡᠷᠡ ᠡᠢᠮᠦ  ᠰᠠᠢᠬᠠᠨ ᠵᠢᠰᠦ ᠲᠡᠢ ᠬᠥᠮᠦᠨ ᠢ᠋ ᠠᠯᠠᠬᠤ ᠵᠣᠷᠢᠭ ᠦᠭᠡᠢ ᠪᠠᠢᠵᠠᠢ ᠃ ᠢᠩᠭᠢᠭᠡᠳ ᠤᠷᠢᠳᠤ ᠤᠷᠢᠳᠤ ᠠ᠋ᠴᠠ ᠪᠠᠨ ᠠᠪᠤᠭᠠᠳ ᠡᠦᠲᠦ ᠪᠣᠯᠲᠠᠯ᠎ᠠ ᠰᠢᠪᠡᠭᠴᠢᠳ ᠲᠡᠢ ᠪᠡᠨ ᠠᠮᠢᠳᠤ ᠮᠡᠨᠳᠦ ᠪᠡᠷ ᠠᠭᠤᠯᠵᠠᠵᠤ ᠴᠢᠳᠠᠭᠰᠠᠨ ᠨᠢ ᠡᠨᠡ ᠬᠡᠦᠬᠡᠨ ᠪᠣᠯᠵᠤ    ᠭᠡᠨ᠎ᠡ ᠃ ᠭᠡᠲᠡᠯ᠎ᠡ ᠬᠠᠭᠠᠨ ᠨᠢ ᠰᠢᠯ ᠡᠪᠡᠷ ᠲᠡᠢ ᠂ ᠰᠢᠩᠭᠡᠨ ᠳᠡᠯ ᠲᠡᠢ ᠶ᠋ᠢ ᠬᠥᠮᠦᠨ ᠳ᠋ᠦ᠍ ᠬᠡᠯᠡᠬᠦ ᠦᠭᠡᠢ ᠪᠡᠷ ᠨᠢᠭᠤᠭᠠᠳ ᠪᠠᠢᠨ᠎ᠠ ᠭᠡᠭᠴᠢ ᠮᠥᠨ ᠨᠢᠭᠡ ᠲᠡᠰᠴᠦ ᠴᠢᠳᠠᠮᠠᠷ ᠶᠠᠪᠤᠳᠠᠯ ᠪᠢᠰᠢ ᠪᠠᠢᠵᠠᠢ ᠃ ᠬᠡᠦᠬᠡᠨ ᠦᠭᠡ ᠪᠡᠨ ᠶᠠᠭᠠᠬᠢᠵᠤ ᠳᠠᠷᠤᠪᠠᠴᠤ ᠠᠮᠠ ᠪᠠᠷ ᠭᠠᠷᠴᠢᠬᠤ ᠭᠡᠳ ᠪᠣᠯᠬᠤ ᠦᠭᠡᠢ ᠲᠤᠯᠠ ᠂ ᠨᠢᠭᠡ ᠡᠳᠦᠷ ᠭᠣᠣᠯ ᠤ᠋ᠨ ᠬᠥᠪᠡᠭᠡ ᠳ᠋ᠦ᠍ ᠬᠤᠪᠴᠠᠰᠤ ᠤᠭᠠᠵᠤ (ᠤᠬᠢᠶᠠᠵᠤ) ᠪᠠᠢᠬᠤ ᠳ᠋ᠠᠭᠠᠨ᠂ ᠬᠠᠵᠠᠭᠤ ᠳ᠋ᠤᠨᠢ ᠪᠠᠢᠭᠰᠠᠨ ᠨᠢᠭᠡ ᠣᠭᠣᠲᠣᠨ᠎ᠠ ᠶ᠋ᠢᠨ ᠨᠦᠬᠡ ᠤᠷᠤᠭᠤ᠄ 
       - ᠬᠥᠶᠢ ᠬᠥᠶᠢ᠂ᠲᠠᠨᠤᠰ ᠮᠡᠳᠡᠨ᠎ᠡ ᠤᠤ? ᠦᠭᠡᠢ ᠤᠤ?ᠮᠠᠨ ᠤ᠋ ᠬᠠᠭᠠᠨ ᠭᠡᠵᠦ ᠨᠢᠭᠡ ᠰᠢᠯ ᠡᠪᠡᠷ ᠲᠡᠢ᠂ᠰᠢᠩᠭᠡᠨ ᠳᠡᠯ ᠲᠡᠢ ᠴᠢᠳᠬᠥᠷ ᠰᠢᠭ ᠠᠮᠢᠲᠠᠨ ᠪᠠᠢᠨ᠎ᠠ ᠭᠡᠵᠦ ᠬᠡᠯᠡᠭᠡᠳ ᠣᠷᠬᠢᠭᠰᠠᠨ ᠴᠢᠨᠢ ᠴᠡᠭᠡᠵᠢ ᠨᠢ ᠨᠢᠭᠡ ᠣᠩᠭᠣᠢᠬᠤ ᠰᠢᠭ᠋ ᠪᠣᠯᠪᠠ ᠭᠡᠨ᠎ᠡ ᠃ ᠲᠡᠭᠡᠭᠡᠳ ᠣᠢᠷ᠎ᠠ ᠬᠣᠯᠠ ᠪᠠᠨ ᠠᠵᠢᠪᠠᠯ ᠬᠥᠮᠦᠨ ᠠᠮᠢᠲᠠᠨ ᠦᠭᠡᠢ ᠲᠤᠯᠠ ᠪᠠᠶᠠᠷ ᠪᠠᠶᠠᠰᠬᠤᠯᠠᠩ ᠲᠠᠢ ᠪᠠᠷ ᠣᠷᠳᠣᠨ ᠳ᠋ᠠᠭᠠᠨ ᠪᠤᠴᠠᠵᠤ ᠢᠷᠡᠵᠡᠢ ᠃ ᠭᠡᠲᠡᠯ᠎ᠡ ᠡᠨᠡ ᠦᠭᠡ ᠨᠢ ᠮᠥᠨ ᠲᠡᠷᠡ ᠣᠷᠣᠢ ᠪᠠᠨ (ᠦᠳᠡᠰᠢ) ᠠᠷᠠᠳ ᠠᠯᠪᠠᠲᠤ ᠶ᠋ᠢᠨ ᠳᠤᠮᠳᠠ ᠲᠦᠭᠡᠵᠦ ᠭᠡᠨ᠎ᠡ᠃ 
       ᠤᠴᠢᠷ ᠶᠠᠭᠤ ᠪᠣᠯᠪᠠ ? ᠭᠡᠪᠡᠯ ᠂ ᠲᠡᠷᠡ ᠣᠭᠣᠲᠣᠨ᠎ᠠ ᠶ᠋ᠢᠨ ᠨᠦᠬᠡ ᠪᠣᠯ ᠰᠠᠢᠬᠢ ᠯᠢᠮᠪᠤᠴᠢᠨ ᠵᠠᠯᠠᠭᠤ ᠣᠷᠣᠢ ᠣᠷᠣᠢ (ᠦᠳᠡᠰᠢ ᠪᠦᠷᠢ) ᠢᠷᠡᠵᠦ ᠬᠡᠦᠬᠡᠨ ᠦ᠌ ᠳᠠᠭᠤ ᠶ᠋ᠢ ᠰᠣᠨᠣᠰᠤᠭᠠᠳ ᠯᠢᠮᠪᠦ ᠪᠡᠨ ᠨᠢᠭᠤᠵᠤ ᠲᠠᠯᠪᠢᠳᠠᠭ ᠨᠦᠬᠡ ᠨᠢ ᠪᠠᠢᠵᠠᠢ ᠃ ᠲᠡᠭᠡᠭᠡᠳ ᠯᠡ ᠬᠡᠦᠬᠡᠨ ᠦ᠌ ᠦᠭᠡ ᠯᠢᠮᠪᠦ ᠳ᠋ᠦ᠍   ᠰᠢᠩᠭᠡᠵᠦ ᠂ ᠣᠷᠣᠢ ᠨᠢ ᠵᠠᠯᠠᠭᠤ ᠢᠷᠡᠵᠦ ᠯᠢᠮᠪᠦ ᠪᠡᠨ ᠳᠤᠤᠭᠠᠷᠭᠠᠬᠤ ᠳ᠋ᠤ᠌ ᠬᠠᠭᠠᠨ ᠤ᠋ ᠨᠢᠭᠤᠴᠠ ᠢᠷᠣᠭᠠᠯ ᠢ᠋ᠶ᠋ᠠᠷ ᠢ᠋ᠶ᠋ᠠᠨ ᠵᠠᠳᠠᠷᠠᠭᠰᠠᠨ ᠬᠡᠷᠡᠭ ᠪᠣᠯᠵᠠᠢ᠃  
       ᠬᠠᠭᠠᠨ ᠨᠢᠭᠤᠴᠠ ᠵᠠᠳᠠᠷᠠᠭᠰᠠᠨ ᠢ᠋ ᠰᠣᠨᠣᠰᠤᠮᠠᠭᠴᠠ ᠬᠡᠨ ᠵᠠᠳᠠᠷᠠᠭᠤᠯᠪᠠ ? ᠭᠡᠵᠦ ᠬᠣᠪᠴᠢ ᠰᠢᠷ᠎ᠠ ᠵᠢᠷᠤᠬᠠᠢ ᠪᠠᠨ ᠠᠪᠤᠭᠠᠳ ᠦᠵᠡᠪᠡᠯ ᠄ ᠬᠣᠶᠠᠷ ᠠᠮᠠ ᠲᠠᠢ ᠬᠤᠯᠤᠰᠤᠨ ᠴᠢᠳᠬᠥᠷ ᠵᠠᠳᠠᠷᠠᠭᠤᠯᠪᠠ ᠭᠡᠵᠦ ᠢᠯᠡᠷᠡᠭᠰᠡᠨ ᠨᠢ ᠶᠠᠭᠤ ᠪᠣᠯᠬᠤ ᠶ᠋ᠢ ᠮᠡᠳᠡᠭᠰᠡᠨ ᠦᠭᠡᠢ ᠲᠤᠯᠠ ᠬᠡᠦᠬᠡᠨ ᠢ᠋ ᠰᠡᠵᠢᠭᠯᠡᠵᠡᠢ᠃ ᠰᠡᠵᠢᠭᠯᠡᠭᠡᠳ ᠰᠢᠯᠲᠠᠭ ᠣᠯᠳᠠᠬᠤ ᠦᠭᠡᠢ ᠲᠤᠯᠠ ᠠᠯᠠᠬᠤ ᠶᠠᠯ᠎ᠠ ᠲᠤᠯᠭᠠᠵᠤ ᠴᠢᠳᠠᠭᠰᠠᠨ ᠦᠭᠡᠢ᠂ᠠᠪᠠᠴᠢᠭᠠᠳ ᠵᠠᠮ ᠦᠭᠡᠢ ᠡᠵᠡᠭᠦᠢ ᠠᠭᠤᠯᠠᠨ ᠳ᠋ᠤ᠌ ᠵᠣᠯᠢᠭ ᠲᠤ᠌ ᠭᠠᠷᠭᠠᠭᠰᠠᠨ ᠨᠢ ᠲᠡᠷᠡ ᠪᠠᠢᠵᠤ  ᠭᠡᠨ᠎ᠡ᠃ 
       ᠮᠡᠷᠭᠡᠨ ᠲᠡᠮᠦᠨᠡ ᠲᠡᠷᠡ ᠡᠵᠡᠭᠦᠢ ᠠᠭᠤᠯᠠᠨ ᠳ᠋ᠤ᠌ ᠬᠦᠷᠦᠭᠡᠳ ᠡᠬᠡ ᠶ᠋ᠢᠨ ᠬᠢᠨᠢ ᠵᠠᠬᠢᠭᠰᠠᠨ ᠶᠣᠰᠣᠭᠠᠷ ᠨᠠᠶᠠᠨ ᠦᠶᠡᠲᠦ ᠨᠠᠷᠢᠨ ᠴᠠᠭᠠᠨ ᠬᠤᠯᠤᠰᠤ ᠶ᠋ᠢ ᠨᠠᠢ᠍ᠮᠠᠨ ᠲᠡᠪᠡᠷᠢ ᠠᠪᠴᠢᠷᠠᠵᠤ ᠦᠶ᠎ᠡ ᠦᠶ᠎ᠡ ᠪᠡᠷ ᠨᠢ ᠬᠢᠷᠥᠭᠡᠳᠡᠨ ᠳᠠᠭᠠᠷᠢᠵᠤ᠂ᠳᠠᠬᠢᠨ ᠭᠤᠤᠷᠰᠤ ᠭᠤᠤᠷᠰᠤ ᠪᠠᠷ ᠨᠢ ᠠᠭᠤᠯᠠᠨ ᠳᠡᠭᠡᠭᠦᠷ ᠤᠭᠰᠠᠷᠠᠭᠤᠯᠤᠨ ᠲᠠᠯᠪᠢᠵᠤ ᠪᠠᠢᠭᠠᠳ ᠥᠨᠥᠴᠢᠨ ᠭᠦᠨᠴᠦ ᠶ᠋ᠢ ᠶᠠᠭᠠᠬᠢᠵᠤ ᠲᠠᠨᠢᠵᠤ ᠠᠪᠬᠤ ᠠᠷᠭ᠎ᠠ ᠶ᠋ᠢ ᠲᠡᠷᠡ ᠬᠡᠦᠬᠡᠨ ᠡᠴᠡ ᠰᠤᠷᠠᠵᠤ ᠭᠡᠨ᠎ᠡ᠃ ᠲᠡᠭᠡᠬᠦ ᠳ᠋ᠦ᠍ ᠲᠡᠷᠡ ᠬᠡᠦᠬᠡᠨ ᠨᠠᠷᠢᠨ ᠭᠤᠤᠷᠰᠤ ᠪᠠᠷ ᠄ 
       ᠲᠠ ᠤᠷᠢᠳᠠᠪᠡᠷ ᠮᠠᠨ ᠤ᠋ ᠭᠡᠷ ᠦ᠋ᠨ ᠡᠭᠦᠳᠡᠨ ᠳ᠋ᠦ᠍ ᠨᠢᠭᠡ ᠵᠤᠤᠬ᠎ᠠ ᠮᠠᠯᠲᠠᠭᠠᠳ ᠳᠣᠲᠣᠷ᠎ᠠ ᠨᠢ ᠡᠬᠡ ᠶ᠋ᠢ ᠰᠠᠭᠤᠯᠭ᠎ᠠ᠃ ᠲᠡᠭᠡᠭᠡᠳ ᠳᠡᠭᠡᠷ᠎ᠡ ᠨᠢ ᠲᠣᠮᠣ ᠰᠢᠭ᠋ ᠬᠠᠢᠰᠤ(ᠲᠡᠮᠦᠷ ᠲᠣᠭᠣᠭ᠎ᠠ) ᠲᠠᠯᠪᠢᠵᠤ ᠳᠣᠲᠣᠷ᠎ᠠ ᠨᠢ ᠲᠠᠬᠢᠶᠠᠨ ᠥᠳᠥ᠂ᠨᠣᠬᠠᠢ ᠶ᠋ᠢᠨ ᠨᠣᠣᠰᠣ᠂ᠡᠯᠳᠡᠪ ᠠᠮᠢᠲᠠᠨ ᠤ᠋ ᠪᠠᠭᠠᠰᠤ ᠶ᠋ᠢ ᠬᠣᠯᠢᠵᠤ ᠬᠢᠭᠡᠳ ᠳᠡᠭᠡᠷ᠎ᠡ ᠡᠴᠡ ᠨᠢ ᠪᠠᠰᠠ ᠬᠠᠶᠢᠩ ᠬᠠᠯᠢᠪ ( ᠬᠥᠩᠭᠡᠨ ᠴᠠᠭᠠᠨ ᠬᠠᠪᠬᠠᠭᠠᠰᠤ ) ᠪᠠᠷ ᠳᠠᠷᠤ ᠃ ᠬᠠᠮᠤᠭ ᠰᠡᠭᠦᠯ ᠳ᠋ᠦ᠍ ᠲᠡᠮᠦᠷ ᠭᠤᠤᠷᠰᠤ ᠪᠠᠷ ᠡᠨᠡ ᠪᠦᠬᠦᠨ ᠢ᠋ ᠰᠢᠪᠲᠤᠯᠤᠭᠠᠳ ᠨᠢᠭᠡ ᠦᠵᠦᠭᠦᠷ ᠢ᠋ ᠨᠢ ᠡᠬᠡ ᠶ᠋ᠢᠨ ᠠᠮᠠᠨ ᠳ᠋ᠤ᠌ ᠬᠦᠷᠭᠡᠵᠦ ᠂ ᠪᠠᠰᠠ ᠨᠢᠭᠡ  ᠦᠵᠦᠭᠦᠷ ᠢ᠋ ᠨᠢ ᠲᠠ ᠴᠢᠬᠢᠨ ᠳ᠋ᠡᠭᠡᠨ ᠲᠤᠯᠭᠠᠭᠠᠳ ᠰᠣᠨᠣᠰ᠃ᠥᠨᠥᠴᠢᠨ ᠬᠦᠨᠴᠦ ᠶᠠᠮᠠᠷ ᠶᠠᠩᠵᠤ ᠲᠠᠢ ᠪᠠᠢᠳᠠᠭ ᠢ᠋ ᠮᠢᠨᠦ ᠡᠬᠡ ᠲᠡᠷᠡ ᠭᠤᠤᠷᠰᠤ ᠪᠠᠷ ᠲᠠᠨ ᠳ᠋ᠤ᠌ ᠬᠡᠯᠡᠵᠦ ᠥᠭᠬᠦ ᠶᠦᠮ ᠃ ᠭᠠᠭᠴᠠ ᠡᠨᠡ ᠠᠷᠭ᠎ᠠ ᠪᠠᠷ ᠶᠠᠪᠤᠪᠠᠯ ᠬᠣᠪᠴᠢ ᠰᠢᠷ᠎ᠠ ᠵᠢᠷᠤᠬᠠᠢ ᠮᠠᠨᠤᠰ ᠢ᠋ ᠢᠯᠡᠷᠡᠭᠦᠯᠵᠦ ᠴᠢᠳᠠᠬᠤ ᠦᠭᠡᠢ ᠶᠦᠮ ᠭᠡᠵᠦ ᠬᠡᠯᠡᠵᠦ ᠦᠭᠭᠦᠭᠰᠡᠨ ᠭᠡᠨ᠎ᠡ᠃ 
       ᠮᠡᠷᠭᠡᠨ ᠲᠡᠮᠦᠨᠡ ᠲᠡᠨᠳᠡ ᠡᠴᠡ ᠪᠡᠨ ᠬᠠᠷᠢᠵᠤ  ᠢᠷᠡᠭᠡᠳ ᠬᠡᠦᠬᠡᠨ ᠦ᠌ ᠬᠡᠯᠡᠭᠰᠡᠨ ᠶᠣᠰᠣᠭᠠᠷ ᠬᠢᠵᠦ ᠭᠦᠢᠴᠡᠳᠬᠡᠵᠡᠢ᠂ᠲᠡᠭᠡᠭᠡᠳ ᠭᠤᠤᠷᠰᠤᠨ ᠤ᠋ ᠦᠵᠦᠭᠦᠷ ᠳᠡᠭᠡᠷ᠎ᠡ ᠴᠢᠬᠢ ᠪᠡᠨ ᠲᠠᠯᠪᠢᠨ ᠴᠢᠩᠨᠠᠪᠠᠯ ᠡᠬᠡ ᠨᠢ ᠄ 
       - ᠠᠨ᠎ᠠ ᠮᠠᠨ᠎ᠠ ᠬᠤᠪᠴᠠᠰᠤ ᠲᠠᠢ ᠠᠪ ᠠᠳᠠᠯᠢ ᠭᠤᠷᠪᠠᠨ ᠵᠠᠭᠤᠨ ᠬᠡᠦᠬᠡᠨ ᠴᠢᠨᠦ ᠡᠮᠦᠨ᠎ᠡ ᠡᠩᠨᠡᠬᠦ ᠳ᠋ᠦ᠍ ᠂ ᠴᠢ ᠠᠷᠭᠠᠯᠠᠵᠤ ᠪᠠᠢᠭᠠᠳ ᠲᠡᠳᠡᠨ ᠢ᠋ ᠢᠨᠢᠶᠡᠯᠭᠡᠬᠦ ᠬᠡᠷᠡᠭᠲᠡᠢ ᠃ ᠭᠡᠲᠡᠯ᠎ᠡ ᠲᠡᠳᠡ  ᠠᠮᠠᠷᠬᠠᠨ ᠢᠨᠢᠶᠡᠳᠡᠭ ᠦᠭᠡᠢ ᠶᠦ᠍ᠮ ᠃ ᠬᠡᠮᠡᠷᠭᠡᠨ ( ᠬᠡᠷᠪᠡ ) ᠢᠨᠢᠶᠡᠯᠭᠡᠵᠦ ᠴᠢᠳᠠᠪᠠᠯ ᠂ ᠲᠡᠳᠡᠨ ᠦ᠌ ᠳᠣᠲᠣᠷᠠᠬᠢ ᠨᠢᠭᠡ ᠯᠡ ᠬᠡᠦᠬᠡᠨ ᠦ᠌ ᠡᠭᠦᠳᠡᠨ ᠴᠠᠭᠠᠨ ᠰᠢᠲᠦᠨ ᠳᠡᠭᠡᠷ᠎ᠡ ᠨᠢ《 ᠭᠠ》④ ᠭᠡᠰᠡᠨ ᠠᠯᠲᠠᠨ ᠦᠰᠦᠭ ᠪᠣᠢ ᠂ ᠲᠡᠷᠡ ᠪᠣᠯ ᠳᠠᠷᠤᠢ ᠥᠨᠥᠴᠢᠨ ᠭᠦᠨᠴᠦ ᠠᠪᠠᠬᠠᠢ ᠮᠥᠨ᠃ ᠢᠨᠢᠶᠡᠬᠦ ᠲᠡᠢ ᠨᠢ ᠵᠡᠷᠭᠡ ᠪᠠᠰᠠ ᠬᠠᠮᠠᠷ ᠤ᠋ᠨ ᠬᠣᠶᠠᠷ ᠨᠦᠬᠡ ᠪᠡᠷ ᠨᠢ ᠬᠣᠶᠠᠷ ᠠᠯᠲᠠᠨ ᠵᠥᠭᠡᠢ ᠨᠢᠰᠦᠨ ᠭᠠᠷᠤᠭᠠᠳ ᠡᠭᠡᠮ ᠳᠡᠭᠡᠷ᠎ᠡ ᠨᠢ ᠬᠦᠷᠬᠦ ᠳ᠋ᠡᠭᠡᠨ ᠡᠷᠢᠶᠡᠨ ᠴᠣᠬᠣᠷ ᠡᠷᠪᠡᠬᠡᠢ ᠬᠤᠪᠢᠯᠬᠤ  ᠪᠠᠢᠬ᠎ᠠ ᠃ ᠴᠢ ᠲᠡᠳᠡᠨ ᠢ᠋ ᠵᠠᠪᠠᠯ ᠢᠨᠢᠶᠡᠯᠭᠡᠬᠦ ᠬᠡᠷᠡᠭᠲᠡᠢ ᠮᠥᠷᠲᠡᠭᠡᠨ ᠡᠷᠬᠡᠪᠰᠢ ᠨᠢᠭᠡ ᠯᠡ ᠤᠳᠠᠭ᠎ᠠ ᠳᠡᠭᠡᠷ᠎ᠡ ᠪᠡᠨ ᠢᠨᠢᠶᠡᠯᠭᠡᠬᠦ ᠬᠡᠷᠡᠭᠲᠡᠢ ᠂ ᠨᠢᠭᠡᠳᠦᠭᠡᠷ ᠤᠳᠠᠭ᠎ᠠ ᠳᠡᠭᠡᠷ᠎ᠡ ᠪᠡᠨ ᠢᠨᠢᠶᠡᠯᠭᠡᠵᠦ ᠴᠢᠳᠠᠬᠤ ᠦᠭᠡᠢ ᠪᠣᠯ ᠬᠡᠷᠡᠭ ᠪᠦᠲᠦᠭᠰᠡᠨ ᠦᠭᠡᠢ ᠨᠢ ᠲᠡᠷᠡ ᠭᠡᠵᠦ ᠮᠡᠳᠡ ᠭᠡᠵᠦ ᠬᠡᠯᠡᠵᠦ ᠥᠭᠴᠡᠢ᠃ 
       ᠵᠠ ᠲᠡᠭᠡᠭᠡᠳ ᠭᠦᠨᠴᠦ ᠠᠪᠠᠬᠠᠢ ᠶ᠋ᠢ ᠲᠠᠨᠢᠵᠤ ᠠᠪᠬᠤ ᠡᠳᠦᠷ ᠨᠢ ᠪᠣᠯᠪᠠ ᠭᠡᠨ᠎ᠡ ᠃  ᠬᠣᠢᠲᠤ ᠮᠡᠷᠭᠡᠨ ᠲᠡᠮᠦᠨᠡ ᠬᠡᠦᠬᠡᠨᠴᠦᠳ ᠦ᠋ᠨ ᠡᠮᠦᠨ᠎ᠡ ᠬᠦᠷᠦᠭᠡᠳ ᠲᠡᠳᠡᠨ ᠢ᠋ ᠬᠠᠯᠢᠶᠠᠭᠰᠠᠨ ( ᠬᠠᠷᠠᠭᠰᠠᠨ )ᠴᠣ ᠦᠭᠡᠢ ᠂ ᠬᠠᠷᠢᠨ ᠲᠡᠨᠳᠡ ᠪᠡᠨ ᠪᠣᠳᠣᠯᠭ᠎ᠠ ᠪᠣᠯᠤᠨ ᠭᠠᠩᠰᠠ ᠪᠠᠨ ᠬᠣᠢᠨ᠎ᠠ ᠬᠣᠢᠨ᠎ᠠ ᠠ᠋ᠴᠠ ᠨᠢ ᠨᠡᠷᠡᠵᠦ ᠂ ᠪᠠᠢᠨ ᠪᠠᠢᠨ ᠠᠷᠢᠬᠢ ᠬᠥᠨᠳᠡᠷᠦᠨ ᠨᠡᠰᠢ ᠴᠠᠰᠢ ᠠᠯᠬᠤᠭᠠᠳ ᠪᠠᠢᠪᠠ ᠭᠡᠨ᠎ᠡ ᠃ ᠲᠡᠭᠡᠭᠰᠡᠭᠡᠷ ᠪᠠᠢᠭᠠᠳ ᠰᠣᠭᠲᠣᠵᠤ ᠢᠷᠡᠵᠡᠢ ᠂ ᠡᠪᠦᠷ ᠡᠴᠡ ᠪᠡᠨ ᠭᠠᠩᠰᠠ ᠶ᠋ᠢᠨ ᠳᠠᠩᠬᠠᠭ (ᠲᠠᠮᠠᠬᠢᠨ ᠤ᠋ ᠤᠭᠤᠲᠠ) ᠪᠠᠨ ᠭᠠᠷᠭᠠᠬᠤ ᠭᠡᠳ ᠬᠠᠷᠢᠨ ᠨᠢᠭᠡ ᠬᠡᠦᠬᠡᠳ ᠦ᠋ᠨ ᠢᠰᠡᠭᠡᠢ ᠪᠣᠢᠲᠣᠭ ᠭᠠᠷᠭᠠᠴᠤ ᠢᠷᠡᠨ ᠭᠠᠩᠰᠠ ᠪᠠᠨ ᠠᠯᠭᠤᠷ ᠠᠭᠠᠵᠢᠮ ᠣᠷᠣᠭᠤᠯᠤᠭᠠᠳ 《 ᠲᠠᠮᠠᠬᠢ 》 ᠪᠠᠨ ᠮᠠᠯᠲᠠᠵᠤ ᠡᠬᠢᠯᠡᠪᠡ ᠭᠡᠨ᠎ᠡ ᠃ ᠬᠡᠦᠬᠡᠨᠴᠦᠳ ᠡᠭᠦᠨ ᠢ᠋ ᠦᠵᠡᠭᠡᠳ ᠲᠡᠰᠬᠦ ᠠᠯᠲᠠᠨ ᠤᠨᠠᠵᠤ ᠪᠣᠰᠲᠠᠯ᠎ᠠ ᠪᠠᠨ ᠢᠨᠢᠶᠡᠯᠴᠡᠵᠡᠢ ᠂ ᠢᠨᠢᠶᠡᠯᠳᠦᠵᠦ ᠪᠠᠢᠬᠤ ᠵᠠᠭᠤᠷ᠎ᠠ ᠨᠢ ᠮᠡᠷᠭᠡᠨ ᠲᠡᠮᠦᠨᠡ ᠨᠢᠭᠡ ᠯᠡ ᠰᠢᠷᠪᠢᠮᠡᠭᠴᠡ ᠪᠡᠨ ᠡᠭᠦᠳᠡᠨ ᠴᠠᠭᠠᠨ  ᠰᠢᠲᠦᠨ ᠳᠡᠭᠡᠷ᠎ᠡ ᠪᠡᠨ《ᠭᠠ》ᠭᠡᠰᠡᠨ ᠠᠯᠲᠠᠨ ᠦᠰᠦᠭ ᠲᠡᠢ ᠨᠢᠭᠡᠨ ᠬᠡᠦᠬᠡᠨ ᠪᠠᠢᠬᠤ ᠶ᠋ᠢ ᠦᠵᠡᠭᠡᠳ ᠠᠮᠵᠢᠭᠰᠠᠨ ᠮᠥᠷᠲᠡᠭᠡᠨ ᠬᠠᠮᠠᠷ ᠠ᠋ᠴᠠ ᠨᠢ ᠬᠣᠶᠠᠷ ᠠᠯᠲᠠᠨ ᠵᠥᠭᠡᠢ ᠭᠠᠷᠴᠤ ᠨᠢᠰᠦᠭᠡᠳ ᠡᠭᠡᠮ ᠳᠡᠭᠡᠷ᠎ᠡ ᠨᠢ ᠬᠦᠷᠦᠮᠡᠭᠴᠡ ᠡᠷᠢᠶᠡᠨ ᠴᠣᠬᠣᠷ ᠡᠷᠪᠡᠬᠡᠢ ᠪᠣᠯᠤᠨ ᠬᠤᠪᠢᠯᠵᠤ ᠣᠳᠤᠭᠰᠠᠨ ᠢ᠋ ᠴᠦ᠍ ᠣᠯᠤᠭᠠᠳ ᠦᠵᠡᠵᠦ ᠭᠡᠨ᠎ᠡ ᠃ ᠮᠡᠷᠭᠡᠨ ᠲᠡᠮᠦᠨᠡ ᠲᠡᠭᠦᠨ ᠢ᠋ ᠣᠯᠠᠨ ᠤ᠋ ᠳᠤᠮᠳᠠ ᠠ᠋ᠴᠠ ᠬᠥᠲᠥᠯᠦᠨ ᠭᠠᠷᠬᠤ ᠳ᠋ᠤ᠌ ᠬᠠᠭᠠᠨ ᠄ ᠮᠢᠨᠦ ᠬᠡᠦᠬᠡᠨ ᠡᠢᠮᠦ ᠡᠢᠮᠦ ᠲᠡᠮᠳᠡᠭ ᠲᠡᠢ ᠭᠡᠳᠡᠭ ᠢ᠋ ᠯᠠᠪ ᠨᠢᠭᠡ ᠬᠥᠮᠦᠨ ᠬᠡᠯᠡᠵᠦ ᠦᠭᠭᠦᠭᠰᠡᠨ ᠪᠠᠢᠬᠤ ᠭᠡᠵᠦ ᠪᠣᠳᠣᠭᠠᠳ ᠄ 
       ᠬᠣᠪᠴᠢ ᠰᠢᠷ᠎ᠠ ᠵᠢᠷᠤᠬᠠᠢ ᠶ᠋ᠢ ᠠᠪᠤᠭᠠᠳ ᠢᠷ᠎ᠡ ᠭᠡᠵᠦ ᠬᠠᠰᠬᠢᠷᠴᠠᠢ ᠃ ᠠᠪᠴᠢᠷᠠᠬᠤ ᠳ᠋ᠤᠨᠢ ᠦᠵᠡᠭᠰᠡᠨ ᠳ᠋ᠦ᠍《ᠲᠠᠬᠢᠶᠠᠨ ᠥᠳᠥ ᠬᠡᠯᠡᠪᠡ ᠂ ᠨᠣᠬᠠᠢ ᠶ᠋ᠢᠨ ᠨᠣᠣᠰᠣ ᠬᠡᠯᠡᠪᠡ ᠂ ᠡᠯᠳᠡᠪ ᠠᠮᠢᠲᠠᠨ ᠤ᠋ ᠪᠠᠭᠠᠰᠤ ᠬᠡᠯᠡᠪᠡ ᠂ ᠵᠡᠭᠡᠷᠡᠨ ᠰᠢᠯᠪᠢ ᠲᠡᠢ ᠵᠡᠰ ᠬᠣᠩᠰᠢᠶᠠᠷ ᠲᠠᠢ ᠡᠮ᠎ᠡ ᠴᠢᠳᠬᠥᠷ ᠬᠡᠯᠡᠪᠡ ᠁ 》 ᠭᠡᠬᠦ ᠵᠡᠷᠭᠡ ᠪᠡᠷ ᠢᠯᠡᠷᠡᠭᠡᠳ ᠪᠠᠢᠭᠰᠠᠨ ᠳ᠋ᠤ᠌ ᠬᠠᠭᠠᠨ ᠄《ᠡᠢᠮᠦ ᠠᠮᠢᠲᠠᠨ ᠬᠠᠮᠢᠭ᠎ᠠ ᠪᠠᠢᠬᠤ  ᠪᠣᠢ ? ᠴᠠᠭ ᠤ᠋ᠨ ᠮᠠᠭᠤ ᠢᠷᠡᠬᠦ ᠳ᠋ᠦ᠍ ᠡᠨᠡ ᠪᠠᠰᠠ ᠬᠡᠷᠡᠭ ᠢ᠋ᠶ᠋ᠡᠨ ᠪᠠᠷᠠᠬᠤ ᠶᠤᠮ ᠪᠠᠢᠨ᠎ᠠ 》ᠭᠡᠵᠦ ᠠᠭᠤᠷᠯᠠᠭᠠᠳ ᠬᠣᠪᠴᠢ ᠰᠢᠷ᠎ᠠ ᠵᠢᠷᠤᠬᠠᠢ ᠪᠠᠨ ᠭᠠᠯ ᠳ᠋ᠤ᠌ ᠬᠠᠶᠠᠵᠠᠢ ᠃ ᠲᠡᠷᠡ ᠨᠢ ᠰᠢᠲᠠᠵᠤ ᠪᠠᠷᠠᠬᠤ ᠠ᠋ᠴᠠ ᠪᠠᠨ ᠡᠮᠦᠨ᠎ᠡ ᠰᠠᠯᠬᠢᠨ ᠳ᠋ᠤ᠌ ᠬᠡᠢᠰᠭᠡᠭᠳᠡᠭᠡᠳ ᠠᠭᠤᠯᠠ ᠶ᠋ᠢᠨ ᠪᠠᠯ ᠢ᠋ᠶ᠋ᠠᠷ ᠪᠡᠯᠴᠢᠵᠦ ᠪᠠᠢᠭᠰᠠᠨ ᠬᠣᠨᠢᠳ ᠤ᠋ᠨ ᠳᠠᠯᠤ ᠳᠡᠭᠡᠷ᠎ᠡ ᠬᠦᠷᠴᠦ ᠨᠠᠭᠠᠯᠳᠤᠵᠤ ᠭᠡᠨ᠎ᠡ ᠃ ᠵᠠ ᠲᠡᠭᠡᠭᠡᠳ ᠶᠠᠭᠤᠮ᠎ᠠ ᠪᠦᠬᠦᠨ ᠢ᠋ ᠲᠣᠳᠣᠯᠠᠨ ᠲᠣᠯᠢᠳᠠᠳᠠᠭ ᠬᠣᠪᠴᠢ ᠰᠢᠷ᠎ᠠ ᠵᠢᠷᠤᠬᠠᠢ ᠨᠢ ᠬᠣᠨᠢᠨ ᠤ᠋ ᠳᠠᠯᠤ ᠳ᠋ᠤ᠌ ᠨᠠᠭᠠᠯᠳᠤᠵᠤ ᠰᠢᠩᠭᠡᠭᠰᠡᠨ ᠢ᠋ ᠮᠡᠷᠭᠡᠨ ᠲᠡᠮᠦᠨᠡ ᠦᠵᠡᠭᠡᠳ  ᠨᠤᠲᠤᠭ ᠲᠠᠭᠠᠨ ᠢᠷᠡᠵᠦ ᠵᠠᠳᠠᠷᠠᠭᠤᠯᠤᠭᠰᠠᠨ ᠠ᠋ᠴᠠ ᠬᠣᠢᠰᠢ ᠮᠣᠩᠭᠣᠯ ᠬᠥᠮᠦᠨ ᠬᠣᠨᠢᠨ ᠤ᠋ ᠳᠠᠯᠤ ᠲᠦᠯᠡᠵᠦ ᠪᠡᠯᠭᠡ ᠲᠥᠯᠭᠡ ᠦᠵᠡᠳᠡᠭ ᠪᠣᠯᠤᠭᠰᠠᠨ ᠭᠡᠨ᠎ᠡ ᠃ ᠮᠡᠷᠭᠡᠨ ᠲᠡᠮᠦᠨᠡ ᠬᠡᠦᠬᠡᠨ ᠢ᠋ ᠳᠠᠭᠠᠭᠤᠯᠤᠭᠠᠳ ᠮᠣᠷᠳᠠᠬᠤ ᠪᠣᠯᠵᠠᠢ᠃ ᠭᠡᠲᠡᠯ᠎ᠡ ᠬᠡᠦᠬᠡᠨ ᠶᠠᠪᠤᠬᠤ ᠳᠤᠷ᠎ᠠ ᠦᠭᠡᠢ ᠭᠡᠨ᠎ᠡ ᠂ ᠡᠭᠦᠨ ᠳ᠋ᠦ᠍ ᠬᠠᠭᠠᠨ ᠬᠠᠲᠤᠨ ᠬᠣᠶᠠᠷ ᠠᠮᠠᠨ ᠳᠡᠭᠡᠷ᠎ᠡ ᠪᠡᠨ ᠬᠡᠦᠬᠡᠨ ᠢ᠋ᠶ᠋ᠡᠨ ᠶᠠᠪᠤ ᠭᠡᠵᠦ ᠱᠠᠭᠠᠷᠳᠠᠵᠤ ᠪᠠᠢᠪᠠᠴᠤ ᠠᠷᠤ ᠳ᠋ᠠᠭᠠᠨ ᠬᠣᠶᠠᠭᠤᠯᠠ ᠦᠬᠦᠲᠡᠯ᠎ᠡ ᠪᠠᠶᠠᠷᠯᠠᠵᠤ ᠂ ᠵᠥᠷᠢᠴᠡ ( ᠵᠣᠷᠢᠭᠤᠳᠠ ) ᠪᠠᠷ ᠮᠡᠷᠭᠡᠨ ᠲᠡᠮᠦᠨᠡ ᠶ᠋ᠢ ᠬᠠᠢᠵᠤ ᠢᠷᠡᠭᠡᠳ ᠄
       - ᠬᠡᠦᠬᠡᠨ ᠥᠪᠡᠷ ᠢ᠋ᠶ᠋ᠡᠨ ᠶᠠᠪᠤᠬᠤ ᠳᠤᠷ᠎ᠠ ᠦᠭᠡᠢ ᠭᠡᠨ᠎ᠡ ᠂ ᠣᠳᠣ ᠶᠠᠭᠠᠬᠢᠳᠠᠭ ᠪᠢᠯᠡ?  ᠭᠡᠬᠦ ᠳ᠋ᠦ᠍ ᠮᠡᠷᠭᠡᠨ ᠲᠡᠮᠦᠨᠡ ᠄ 
       - ᠠ ᠭᠡᠮ ᠦᠭᠡᠢ ᠂ ᠬᠡᠦᠬᠡᠨ ᠳ᠋ᠡᠭᠡᠨ ᠬᠠᠮᠤᠭ ᠤ᠋ᠨ ᠳᠤᠷᠠᠲᠠᠢ ᠶᠠᠭᠤᠮ᠎ᠠ ᠶ᠋ᠢ ᠨᠢ ᠥᠭ ᠂ ᠲᠡᠭᠡᠪᠡᠯ ᠶᠠᠪᠤᠬᠤ ᠪᠠᠢᠬ᠎ᠠ ᠭᠡᠵᠦ ᠬᠡᠯᠡᠭᠡᠳ ᠠᠵᠢᠭ ᠴᠤ᠌ ᠦᠭᠡᠢ ᠪᠡᠷ ᠠᠩᠭᠢᠷ ᠬᠣᠩᠭᠣᠷ ᠴᠠᠢ ᠪᠠᠨ ᠠᠯᠭᠤᠷ ᠠᠭᠠᠵᠢᠮ ᠪᠠᠯᠭᠤᠨ ᠰᠠᠭᠤᠵᠤ ᠭᠡᠨ᠎ᠡ ᠃ ᠲᠡᠳᠡ ᠭᠠᠷᠴᠤ ᠶᠠᠪᠤᠮᠠᠭᠴᠠ ᠮᠡᠷᠭᠡᠨ ᠲᠡᠮᠦᠨᠡ ᠂ ᠠᠪᠬᠠᠢ ᠶ᠋ᠢᠨ ᠥᠷᠥᠭᠡ ᠳ᠋ᠦ᠍ ᠬᠦᠷᠪᠡᠯ ᠮᠥᠨ ᠯᠡ ᠶᠠᠪᠤᠬᠤ ᠦᠭᠡᠢ ᠭᠡᠳ ᠤᠢᠯᠠᠵᠤ ( ᠤᠬᠢᠯᠠᠵᠤ ) ᠤᠨᠵᠢᠨ  ᠰᠠᠭᠤᠵᠤ ᠪᠠᠢᠨ᠎ᠠ ᠭᠡᠨ᠎ᠡ ᠃ ᠭᠦᠨᠴᠦ ᠄  
       -  ᠪᠢ ᠶᠠᠪᠤᠬᠤ ᠳᠤᠷ᠎ᠠ ᠦᠭᠡᠢ ᠂ ᠶᠠᠭᠠᠬᠢᠪᠠᠯ ᠬᠡᠯᠲᠦᠷᠢᠵᠦ  ᠴᠢᠳᠠᠬᠤ ᠪᠣᠢ ? ᠭᠡᠵᠦ ᠤᠢᠯᠠᠵᠤ ( ᠤᠬᠢᠯᠠᠵᠤ ) ᠡᠩᠰᠡᠪᠡ ( ᠭᠤᠶᠤᠵᠤ ᠭᠣᠩᠰᠢᠪᠠ ) ᠭᠡᠨ᠎ᠡ ᠃ ᠲᠡᠭᠡᠬᠦ ᠳ᠋ᠦ᠍ ᠮᠡᠷᠭᠡᠨ ᠲᠡᠮᠦᠨᠡ ᠄ 
       -  ᠠ ᠂ ᠠᠪᠤ ᠡᠬᠡ ᠴᠢᠨᠢ ᠴᠢᠮ᠎ᠠ ᠶ᠋ᠢ ᠠᠯᠢ ᠳᠤᠷ᠎ᠠ ᠲᠠᠢ ᠶᠠᠭᠤᠮ᠎ᠠ ᠪᠠᠨ ᠠᠪ ᠭᠡᠬᠦ  ᠪᠠᠢᠬᠤ ᠂ ᠲᠡᠭᠡᠬᠦ ᠳ᠋ᠦ᠍ᠨᠢ ᠴᠢ᠄ 《ᠪᠢ ᠶᠠᠪᠤᠬᠤ ᠦᠭᠡᠢ ᠭᠡᠳᠡᠭ ᠦ᠋ᠨ ᠤᠴᠢᠷ ᠨᠢ ᠨᠠᠷᠠ ᠰᠠᠷᠠ ᠰᠢᠭ᠋ ᠠᠪᠤ ᠡᠬᠡ ᠬᠣᠶᠠᠷ ᠠ᠋ᠴᠠ ᠪᠠᠨ ᠰᠠᠯᠵᠤ ᠴᠢᠳᠠᠬᠤ ᠦᠭᠡᠢ ᠪᠠᠢᠨ᠎ᠠ ᠂ ᠬᠡᠷᠪᠡ ᠠᠪᠤ ᠡᠬᠡ ᠬᠣᠶᠠᠷ ᠮᠢᠨᠢ ᠨᠠᠳᠠᠳᠤ ᠣᠭᠲᠠᠷᠭᠤᠢ ᠶ᠋ᠢᠨ ᠨᠠᠷᠠ ᠰᠠᠷᠠ ᠶ᠋ᠢ ᠪᠠᠷᠢᠵᠤ ᠥᠭᠪᠡᠯ ᠪᠢ ᠶᠠᠪᠤᠨ᠎ᠠ 》ᠭᠡᠵᠦ ᠬᠡᠯᠡ ᠂  ᠲᠡᠭᠡᠬᠦ ᠳ᠋ᠦ᠍ ᠠᠪᠤ ᠡᠬᠡ ᠬᠣᠶᠠᠷ ᠴᠢᠨᠢ ᠣᠭᠲᠠᠷᠭᠤᠢ ᠶ᠋ᠢᠨ ᠨᠠᠷᠠ ᠰᠠᠷᠠ ᠶ᠋ᠢ ᠪᠠᠷᠢᠵᠤ ᠴᠢᠳᠠᠬᠤ ᠦᠭᠡᠢ ᠶ᠋ᠢᠨ ᠤᠯᠠᠮ ᠢ᠋ᠶ᠋ᠠᠷ ᠴᠢ ᠲᠠᠩᠭᠤᠳ ᠲᠤ᠌ ᠶᠠᠪᠤᠬᠤ ᠠ᠋ᠴᠠ ᠬᠡᠯᠲᠦᠷᠢᠵᠦ ᠴᠢᠳᠠᠨ᠎ᠠ ᠭᠡᠵᠦ ᠭᠡᠨ᠎ᠡ ᠃  ᠲᠡᠭᠡᠭᠡᠳ ᠬᠠᠭᠠᠨ ᠬᠠᠲᠤᠨ ᠬᠣᠶᠠᠷ ᠮᠡᠷᠭᠡᠨ ᠲᠡᠮᠦᠨᠡ ᠶ᠋ᠢᠨ ᠬᠡᠯᠡᠭᠰᠡᠨ ᠶᠣᠰᠣᠭᠠᠷ ᠠᠯᠢ ᠳᠤᠷ᠎ᠠ ᠲᠠᠢ ᠶᠠᠭᠤᠮ᠎ᠠ ᠪᠠᠨ ᠠᠪ ᠭᠡᠬᠦ ᠳ᠋ᠦ᠍ᠨᠢ ᠂ ᠬᠡᠦᠬᠡᠨ ᠮᠥᠨ ᠮᠡᠷᠭᠡᠨ ᠲᠡᠮᠦᠨᠡ ᠶ᠋ᠢᠨ ᠬᠡᠯᠡᠭᠰᠡᠨ ᠶᠣᠰᠣᠭᠠᠷ ᠨᠠᠷᠠ ᠰᠠᠷᠠ ᠶ᠋ᠢ ᠪᠠᠷᠢᠵᠤ ᠥᠭ ᠭᠡᠵᠦ ᠭᠡᠨ᠎ᠡ ᠃ ᠲᠡᠭᠡᠬᠦ ᠳ᠋ᠦ᠍ ᠠᠪᠤ ᠡᠬᠡ ᠨᠢ ᠰᠠᠨᠳᠤᠷᠴᠤ ᠢᠷᠡᠭᠡᠳ ᠄ 
       - ᠡᠦᠲᠦ ᠶᠠᠭᠠᠬᠢᠵᠤ ᠨᠠᠷᠠ ᠰᠠᠷᠠ ᠶ᠋ᠢ ᠨᠢ ᠪᠠᠷᠢᠵᠤ ᠥᠭᠳᠡᠭ ᠪᠢᠯᠡ? ᠭᠡᠵᠦ ᠮᠡᠷᠭᠡᠨ ᠲᠡᠮᠦᠨᠡ ᠡᠴᠡ ᠠᠰᠠᠭᠤᠬᠤ ᠳ᠋ᠤ᠌᠄ 
       -  ᠠ᠂ᠲᠡᠭᠦᠨ ᠳ᠋ᠦ᠍ ᠶᠠᠳᠠᠬᠤ ᠶᠠᠭᠤ ᠪᠠᠢᠬᠤ ᠪᠣᠢ! ᠪᠦᠲᠦᠨ ᠲᠡᠭᠡᠷᠮ᠎ᠡ ᠶ᠋ᠢ ᠠᠯᠲᠠ ᠪᠠᠷ ᠰᠢᠷᠳᠡᠵᠦ ᠂ ᠲᠠᠯ᠎ᠠ ᠲᠡᠭᠡᠷᠮ᠎ᠡ ᠶ᠋ᠢ ᠮᠥᠩᠭᠥ ᠪᠡᠷ ᠰᠢᠷᠲᠡᠵᠦ ᠬᠤᠷᠴᠠ ᠨᠠᠷᠠ ᠲᠠᠢ ᠡᠳᠦᠷ ᠭᠠᠷᠭᠠᠭᠠᠳ ᠦᠵᠡᠭᠦᠯᠵᠦ ᠥᠭ ᠭᠡᠵᠡᠢ᠃ ᠲᠡᠭᠡᠭᠡᠳ ᠮᠥᠨ ᠠᠷᠭ᠎ᠠ ᠪᠠᠷ ᠨᠢ ᠬᠤᠷᠴᠠ ᠨᠠᠷᠠ ᠲᠠᠢ ᠦᠳᠡ ᠶ᠋ᠢᠨ ᠭᠣᠣᠯ ᠳ᠋ᠤ᠌ ᠬᠡᠦᠬᠡᠨ ᠢ᠋ᠶ᠋ᠡᠨ ᠳᠠᠭᠤᠳᠠᠵᠤ ᠢᠷᠡᠭᠡᠳ ᠄ 
       - ᠨᠠᠷᠠ ᠰᠠᠷᠠ ᠶ᠋ᠢ ᠪᠠᠷᠢᠭᠠᠳ ᠢᠷᠡᠯ᠎ᠡ ᠭᠡᠵᠦ ᠭᠠᠷᠭᠠᠨ ᠦᠵᠡᠭᠦᠯᠬᠦ ᠳ᠋ᠦ᠍ ᠠᠯᠲᠠ ᠮᠥᠩᠭᠥ ᠪᠡᠷ ᠰᠢᠷᠳᠡᠭᠰᠡᠨ ᠪᠦᠲᠦᠨ᠂ᠲᠠᠯ᠎ᠠ ᠲᠡᠭᠡᠷᠮ᠎ᠡ ᠨᠢ ᠬᠤᠷᠴᠠ ᠭᠡᠷᠡᠯ ᠳ᠋ᠦ᠍  ᠭᠢᠯᠪᠠᠭᠠᠳ ᠦᠨᠡᠬᠡᠷ ᠨᠠᠷᠠ ᠰᠠᠷᠠ ᠰᠢᠭ᠋ ᠬᠠᠷᠠᠭᠳᠠᠵᠤ ᠭᠡᠨ᠎ᠡ ᠃ ᠬᠠᠭᠠᠨ ᠤ᠋ ᠠᠷᠭ᠎ᠠ ᠪᠦᠬᠦᠨ ᠢᠩᠭᠢᠭᠡᠳ ᠯᠡ ᠡᠴᠦᠰᠯᠡᠵᠦ ᠨᠣᠭᠣᠭᠠᠨ ᠳᠠᠷᠢ ᠡᠬᠡ
       - ᠥᠨᠥᠴᠢᠨ ᠭᠦᠨᠴᠦ ᠶᠠᠪᠤᠬᠤ ᠪᠠᠷ ᠪᠣᠯᠤᠭᠰᠠᠨ ᠶᠤᠮ ᠭᠡᠨ᠎ᠡ ᠃ ᠬᠠᠭᠠᠨ ᠬᠠᠲᠤᠨ ᠬᠣᠶᠠᠷ ᠮᠡᠷᠭᠡᠨ ᠲᠡᠮᠦᠨᠡ ᠡᠴᠡ ᠄ 
       -  ᠡᠦᠲᠦ ᠡᠨᠡ ᠨᠠᠷᠠ ᠰᠠᠷᠠ ᠬᠣᠶᠠᠷ ᠢ᠋ᠶ᠋ᠠᠨ ᠶᠠᠭᠤᠨ ᠳ᠋ᠤ᠌ ᠪᠣᠭᠣᠭᠠᠳ ᠠᠪᠴᠤ ᠶᠠᠪᠤᠬᠤ  ᠪᠣᠢ ? ᠭᠡᠬᠦ ᠳ᠋ᠦ᠍ᠨᠢ ᠄ 
       -  ᠢᠯᠴᠠᠭᠠᠢ ( ᠨᠣᠢᠲᠠᠨ ) ᠨᠡᠬᠡᠢ ᠳ᠋ᠦ᠍ ᠪᠣᠭᠣᠭᠠᠳ ᠠᠴᠢᠵᠤ ᠣᠷᠭᠢ ᠭᠡᠵᠦ ᠬᠡᠯᠡᠵᠡᠢ ᠃  ᠮᠡᠷᠭᠡᠨ ᠲᠡᠮᠦᠨᠡ ᠮᠣᠷᠳᠠᠬᠤ ᠳ᠋ᠠᠭᠠᠨ ᠬᠢᠲᠠᠳ ᠠ᠋ᠴᠠ ᠲᠠᠩᠭᠤᠳ ᠲᠤ᠌ ᠨᠢᠭᠡ ᠬᠡᠰᠡᠭ ᠮᠣᠳᠣᠴᠢᠨ ᠂ ᠲᠡᠮᠦᠷᠴᠢᠨ ᠂ ᠨᠡᠬᠡᠮᠡᠯᠴᠢᠨ ᠂ ᠲᠠᠷᠢᠶᠠᠴᠢᠨ ᠁ ᠢ᠋ ᠠᠪᠤᠭᠠᠳ ᠶᠠᠪᠤᠬᠤ ᠭᠡᠰᠡᠨ ᠳ᠋ᠦ᠍ ᠬᠠᠭᠠᠨ ᠳᠣᠲᠣᠷ᠎ᠠ ᠪᠠᠨ ᠄ ᠡᠨᠡ ᠤᠳᠠᠭ᠎ᠠ ᠠᠷᠭᠠᠯᠠᠵᠤ ( ᠠᠷᠭ᠎ᠠ ᠪᠣᠳᠣᠵᠤ ) ᠪᠠᠢᠭᠠᠳ ᠡᠭᠦᠨ ᠢ᠋ ᠠᠪᠴᠤ ᠰᠠᠭᠤᠭᠠᠳ ᠠᠯᠠᠵᠤ ᠣᠷᠬᠢᠬᠤ ᠦᠭᠡᠢ ᠪᠣᠯ ᠬᠣᠵᠢᠮ ᠬᠣᠢᠰᠢᠳᠠ ᠭᠠᠵᠠᠷ ᠳᠣᠣᠷ᠎ᠠ ᠠ᠋ᠴᠠ ᠭᠠᠷᠴᠤ ᠮᠡᠳᠡᠬᠦ ᠭᠠᠢ ᠶ᠋ᠢᠨ ᠦᠨᠳᠦᠰᠦ ᠲᠡᠷᠡ! ᠭᠡᠵᠦ ᠪᠣᠳᠣᠭᠠᠳ 
       -  ᠴᠢᠨᠦ ᠰᠡᠴᠡᠨ ᠮᠡᠷᠭᠡᠨ ᠤᠬᠠᠭᠠᠨ ᠢ᠋ ᠪᠢ ᠠᠷᠭ᠎ᠠ ᠦᠭᠡᠢ ᠪᠢᠰᠢᠷᠡᠵᠦ ᠪᠠᠢᠬᠤ ᠲᠤᠯᠠ ᠲᠡᠳᠡᠭᠡᠷ ᠤᠷᠠᠴᠤᠳ᠂ᠳᠠᠷᠬᠠᠳ ᠢ᠋ ᠶᠠᠪᠤᠭᠤᠯᠤᠭᠠᠳ ᠣᠷᠣᠨ ᠳ᠋ᠤᠨᠢ ᠴᠢᠮᠠᠢ ᠦᠯᠡᠳᠡᠭᠡᠵᠦ ᠣᠷᠳᠣᠨ ᠳ᠋ᠠᠭᠠᠨ ᠰᠠᠭᠤᠯᠭᠠᠬᠤ ᠪᠠᠷ ᠲᠣᠭᠲᠠᠯ᠎ᠠ ᠭᠡᠵᠦ ᠲᠠᠰᠤ ᠬᠡᠯᠡᠵᠦ ᠲᠠᠯᠪᠢᠪᠠ ᠭᠡᠨ᠎ᠡ᠃ ᠲᠡᠭᠡᠭᠡᠳ ᠮᠡᠷᠭᠡᠨ ᠲᠡᠮᠦᠨᠡ ᠲᠡᠳᠡᠭᠡᠷ ᠬᠥᠮᠦᠰ ᠲᠡᠭᠡᠨ ᠬᠦᠷᠦᠭᠡᠳ ᠄ 
       - ᠡᠵᠡᠨ ᠦ᠌ ᠵᠠᠷᠯᠢᠭ ᠡᠷᠭᠢᠯᠲᠡ ᠦᠭᠡᠢ ᠬᠣᠢᠨ᠎ᠠ ᠶᠠᠮᠠᠷ ᠠᠷᠭ᠎ᠠ ᠪᠠᠢᠨ᠎ᠠ ᠂ ᠲᠠᠨᠠᠷ  ᠠᠪᠠᠬᠠᠢ ᠶ᠋ᠢ ᠠᠪᠤᠭᠠᠳ ᠤᠷᠢᠳᠠᠪᠡᠷ ᠶᠠᠪᠤᠵᠤ ᠪᠠᠢᠭᠠᠷᠠᠢ ᠂ ᠪᠢ ᠠᠷᠤ ᠠ᠋ᠴᠠ ᠲᠠᠨᠢ ᠭᠦᠢᠴᠡᠵᠦ ᠬᠦᠷᠦᠶ᠎ᠡ ᠭᠡᠳ ᠬᠢᠲᠠᠳ ᠤ᠋ᠨ ᠬᠠᠭᠠᠨ ᠤ᠋ ᠣᠷᠳᠣᠨ ᠳ᠋ᠤ᠌ ᠰᠠᠭᠤᠵᠤ ᠬᠣᠴᠣᠷᠤᠭᠰᠠᠨ ᠭᠡᠨ᠎ᠡ ᠃ ᠲᠡᠭᠡᠭᠡᠳ ᠨᠢᠭᠡ ᠨᠢᠭᠤᠴᠠ ᠣᠷᠳᠣᠨ ᠳ᠋ᠤᠨᠢ ᠪᠠᠢᠷᠢᠯᠠᠵᠤ ᠂ ᠳᠣᠲᠣᠷ᠎ᠠ ᠨᠢ ᠨᠣᠬᠠᠢ ᠂ ᠭᠠᠬᠠᠢ ᠂ ᠲᠠᠬᠢᠶ᠎ᠠ ᠭᠡᠬᠦ ᠶᠠᠩᠵᠤ ᠶ᠋ᠢᠨ ᠡᠯᠳᠡᠪ ᠠᠮᠢᠲᠠᠨ ᠤ᠋ ᠰᠡᠭ ᠢ᠋ ᠬᠤᠷᠢᠶᠠᠵᠤ ᠂ ᠳᠡᠭᠡᠷ᠎ᠡ ᠨᠢ ᠳᠡᠪᠢᠰᠬᠡᠷ ᠢ᠋ᠶ᠋ᠡᠨ ᠳᠡᠯᠭᠡᠨ ᠬᠡᠪᠲᠡᠭᠡᠳ : 
       - ᠨᠠᠳᠠᠳᠤ ᠡᠪᠡᠳᠴᠢᠨ ᠲᠤᠰᠪᠠ ᠭᠡᠵᠦ ᠣᠪᠯᠠᠵᠤ ᠭᠡᠨ᠎ᠡ ᠃ ᠬᠢᠲᠠᠳ ᠤ᠋ᠨ ᠬᠠᠭᠠᠨ ᠨᠡᠷᠡᠲᠡᠢ ᠳᠣᠯᠣᠭᠠᠨ ᠡᠮᠴᠢ ᠪᠡᠨ ᠵᠠᠯᠠᠵᠤ ᠦᠵᠡᠭᠦᠯᠬᠦ ᠳ᠋ᠦ᠍ ᠡᠮᠴᠢ ᠨᠠᠷ ᠦᠮᠡᠬᠡᠢ ᠦᠨᠦᠷ ᠲᠤᠨᠢ ᠣᠢᠷᠠᠲᠤᠬᠤ ᠠᠷᠭ᠎ᠠ ᠦᠭᠡᠢ ᠲᠤᠯᠠ ᠠᠷᠠᠪᠰᠠ (ᠴᠣᠩᠬᠣ) ᠪᠠᠷ ᠨᠢ ᠤᠯᠠᠭᠠᠨ ᠥᠩᠭᠡᠲᠡᠢ ᠶᠣᠩᠬᠣᠷ ᠲᠣᠷᠭᠠᠨ ᠤᠲᠠᠰᠤ ᠬᠠᠶᠠᠵᠤ ᠥᠭᠭᠦᠭᠡᠳ ᠄ 
       - ᠪᠠᠭᠤᠤ ᠠ᠋ᠴᠠ ᠪᠠᠨ ᠣᠷᠢᠶᠠᠵᠤ ᠤᠶᠠᠭᠠᠷᠠᠢ ᠭᠡᠵᠦ ᠭᠡᠨ᠎ᠡ ᠃ ᠲᠡᠭᠡᠬᠦ ᠳ᠋ᠦ᠍ᠨᠢ ᠮᠡᠷᠭᠡᠨ ᠲᠡᠮᠦᠨᠡ ᠪᠠᠭᠤᠤ ᠠ᠋ᠴᠠ ᠪᠠᠨ ᠤᠶᠠᠭᠰᠠᠨ ᠦᠭᠡᠢ ᠬᠠᠷᠢᠨ ᠭᠠᠬᠠᠢ ᠶ᠋ᠢᠨ ᠰᠢᠭᠢᠷ᠎ᠡ ᠡᠴᠡ ᠤᠶᠠᠵᠤ ᠥᠭᠴᠡᠢ ᠃ ᠡᠮᠴᠢ ᠤᠲᠠᠰᠤᠨ ᠤ᠋ ᠪᠠᠨ ᠨᠢᠭᠡ ᠦᠵᠦᠭᠦᠷ ᠢ᠋ ᠪᠠᠷᠢᠵᠤ ᠦᠵᠡᠭᠡᠳ ᠬᠠᠭᠠᠨ ᠳ᠋ᠤ᠌ ᠄ 
       - ᠦᠬᠦᠭᠰᠡᠨ ᠲᠤᠭᠤᠷᠠᠢᠲᠠᠨ ᠤ᠋ ᠰᠤᠳᠠᠰᠤ ᠢᠯᠡᠷᠡᠵᠦ ᠪᠠᠢᠨ᠎ᠠ ᠭᠡᠵᠡᠢ ᠃ ᠲᠡᠭᠡᠭᠡᠳ ᠮᠡᠷᠭᠡᠨ ᠲᠡᠮᠦᠨᠡ ᠶ᠋ᠢ ᠳᠠᠬᠢᠨ ᠄  
       - ᠭᠠᠷ ᠢ᠋ᠶ᠋ᠠᠨ ᠰᠣᠯᠢᠵᠤ ᠤᠶᠠᠭᠠᠷᠠᠢ ᠭᠡᠬᠦ ᠳ᠋ᠦ᠍ᠨᠢ ᠲᠠᠬᠢᠶᠠᠨ ᠤ᠋ ᠰᠢᠯᠪᠢ ᠡᠴᠡ ᠣᠷᠢᠶᠠᠭᠠᠳ ᠣᠷᠬᠢᠵᠤ ᠭᠡᠨ᠎ᠡ᠃ ᠡᠮᠴᠢ ᠪᠠᠷᠢᠵᠤ ᠦᠵᠡᠭᠡᠳ ᠄ 
       - ᠦᠬᠦᠭᠰᠡᠨ ᠵᠢᠭᠦᠷᠲᠡᠨ ᠦ᠌ ᠰᠤᠳᠠᠰᠤ ᠢᠯᠡᠷᠡᠵᠦ ᠪᠠᠢᠨ᠎ᠠ ᠭᠡᠬᠦ ᠳ᠋ᠦ᠍ ᠂ ᠬᠠᠭᠠᠨ ᠳᠡᠯᠪᠡᠷᠡᠲᠡᠯ᠎ᠡ ᠪᠡᠨ ᠠᠭᠤᠷᠯᠠᠵᠤ ᠄ 
       - ᠴᠠᠭ ᠤ᠋ᠨ ᠮᠠᠭᠤ ᠢᠷᠡᠬᠦ ᠳ᠋ᠦ᠍ ᠴᠢᠨᠦᠰ (ᠲᠠᠨᠤᠰ) ᠴᠤ᠌ ᠶᠠᠭᠤᠮ᠎ᠠ ᠮᠡᠳᠡᠬᠦ ᠪᠡᠨ ᠪᠠᠢᠬᠤ ᠨᠢ ᠠ᠋ ᠭᠡᠳ ᠪᠠᠢᠳᠠᠭ ᠨᠡᠷᠡᠲᠡᠢ ᠡᠮᠴᠢ ᠪᠡᠨ ᠪᠦᠭᠦᠳᠡ ᠶ᠋ᠢ ᠴᠠᠪᠴᠢᠭᠠᠳ ᠠᠯᠠᠵᠤ ᠭᠡᠨ᠎ᠡ ᠃ ᠲᠡᠭᠡᠭᠡᠳ ᠮᠡᠷᠭᠡᠨ ᠲᠡᠮᠦᠨᠡ ᠡᠴᠡ᠄ 
       - ᠡᠦᠲᠦ ᠶᠠᠭᠠᠬᠢᠪᠠᠯ ᠲᠠᠨ ᠤ᠋ ᠡᠪᠡᠳᠴᠢᠨ ᠠᠶᠠᠳᠠᠳᠠᠭ(ᠡᠳᠡᠭᠡᠷᠡᠳᠡᠭ) ᠪᠢᠯᠡ? ᠭᠡᠬᠦ ᠳ᠋ᠦ᠍ 
       - ᠬᠬᠢᠪ ᠲᠣᠷᠭᠠᠨ ᠤ᠋ ᠦᠨᠡᠰᠦ ᠨᠢᠭᠡ ᠠᠳᠬᠤ ᠢᠳᠡᠪᠡᠯ ᠮᠠᠭᠠᠳ ᠦᠭᠡᠢ ᠭᠡᠵᠦ ᠮᠡᠷᠭᠡᠨ ᠲᠡᠮᠦᠨᠡ ᠬᠡᠯᠡᠵᠦ ᠭᠡᠨ᠎ᠡ ᠃ ᠬᠠᠭᠠᠨ ᠪᠦᠬᠦ ᠤᠯᠤᠰ ᠤ᠋ᠨ ᠢ᠋ᠶ᠋ᠠᠨ ᠲᠣᠷᠭ᠎ᠠ ᠬᠬᠢᠪ ᠢ᠋ ᠲᠦᠯᠡᠨ ᠪᠠᠷᠠᠵᠤ ᠪᠠᠢᠵᠤ ᠰᠠᠶᠢ ᠨᠢᠭᠡ ᠠᠳᠬᠤ ᠦᠨᠡᠰᠦ ᠣᠯᠵᠤ ᠥᠭᠴᠡᠢ᠃ᠮᠡᠷᠭᠡᠨ ᠲᠡᠮᠦᠨᠡ ᠦᠨᠡᠰᠦ ᠶ᠋ᠢ ᠢᠳᠡᠴᠢᠭᠡᠳ ᠄ 
       - ᠪᠠᠰᠠ ᠯᠠ ᠠᠶᠠᠳᠠᠭᠰᠠᠨ( ᠡᠳᠡᠭᠡᠷᠡᠭᠰᠡᠨ ) ᠦᠭᠡᠢ᠃ᠡᠦᠲᠦ ᠮᠠᠨ ᠤ᠋ ᠪᠤᠷᠬᠠᠨ ᠱᠠᠰᠢᠨ ᠨᠠᠮᠠᠢ ᠨᠤᠲᠤᠭ ᠲᠠᠭᠠᠨ ᠪᠤᠴᠠᠭᠰᠠᠨ ᠦᠭᠡᠢ ᠮᠥᠷᠲᠡᠭᠡᠨ ᠰᠢᠲᠦᠭᠡᠨ ᠢ᠋ᠶ᠋ᠡᠨ ᠰᠢᠲᠦᠭᠰᠡᠨ ᠦᠭᠡᠢ ᠭᠡᠵᠦ ᠠᠭᠤᠷᠯᠠᠵᠤ ᠪᠠᠢᠨ᠎ᠠ ᠂ ᠪᠢ ᠪᠠᠰᠠ ᠨᠢᠭᠡ ᠣᠪᠣᠭ᠎ᠠ ᠳᠠᠬᠢᠭᠠᠳ ᠢᠷᠡᠶ᠎ᠡ ᠭᠡᠰᠡᠨ ᠳ᠋ᠦ᠍ ᠬᠠᠭᠠᠨ ᠵᠥᠪᠰᠢᠶᠡᠷᠡᠵᠦ ᠂ ᠳᠣᠯᠣᠭᠠᠨ ᠲᠦᠰᠢᠮᠡᠯ ᠢ᠋ᠶ᠋ᠡᠨ ᠥᠭᠭᠦᠭᠡᠳ ᠄ 
       - ᠣᠪᠣᠭ᠎ᠠ ᠲᠠᠬᠢᠬᠤ ᠳ᠋ᠤ᠌ ᠪᠠᠰᠠ ᠶᠠᠭᠤ ᠬᠡᠷᠡᠭᠲᠡᠢ ᠪᠢᠯᠡ ? ᠭᠡᠬᠦ ᠳ᠋ᠦ᠍ᠨᠢ  
       - ᠠ ᠂ ᠳᠣᠯᠣᠭᠠᠨ ᠮᠠᠨᠲᠠᠤ ᠂ ᠳᠣᠯᠣᠭᠠᠨ ᠰᠢᠯ ( ᠯᠣᠩᠬᠣ ) ᠠᠷᠢᠬᠢ ᠥᠭᠪᠡᠯ ᠪᠣᠯᠴᠢᠬᠠᠨ᠎ᠠ ᠭᠡᠵᠦ ᠭᠡᠨ᠎ᠡ ᠃ ᠬᠠᠭᠠᠨ ᠥᠭᠴᠡᠢ ᠃ ᠮᠡᠷᠭᠡᠨ ᠲᠡᠮᠦᠨᠡ ᠠᠳᠤᠭᠤᠨ ᠳᠤᠮᠳᠠᠬᠢ ᠭᠠᠭᠴᠠ ᠠᠷᠠᠨᠵᠠᠯ ᠢ᠋ ᠨᠢ ᠤᠨᠤᠭᠠᠳ ᠳᠣᠯᠣᠭᠠᠨ ᠲᠦᠰᠢᠮᠡᠯ ᠢ᠋ ᠨᠢ ᠳᠠᠭᠠᠭᠤᠯᠤᠨ ᠮᠣᠷᠳᠠᠵᠤ ᠭᠡᠨ᠎ᠡ ᠃ ᠲᠡᠭᠡᠭᠡᠳ ᠨᠢᠭᠡ ᠠᠭᠤᠯᠠ ᠶ᠋ᠢᠨ ᠲᠣᠯᠣᠭᠠᠢ ᠳᠡᠭᠡᠷ᠎ᠡ ᠭᠠᠷᠤᠭᠠᠳ ᠶᠡᠬᠡᠯ᠎ᠡ ᠨᠣᠮ ᠭᠦᠷᠢᠮ ᠬᠢᠵᠦ ᠪᠠᠢᠬᠤ   ᠮᠠᠶᠢᠭᠯᠠᠨ ᠰᠠᠭᠤᠭᠰᠠᠭᠠᠷ ᠪᠠᠢᠭᠠᠳ ᠠᠰᠬᠠᠨ ᠣᠷᠣᠢ (ᠦᠳᠡᠰᠢ) ᠪᠣᠯᠭᠠᠵᠠᠢ ᠃ ᠳᠣᠯᠣᠭᠠᠨ ᠲᠦᠰᠢᠮᠡᠯ ᠬᠠᠵᠠᠭᠤ ᠠ᠋ᠴᠠ ᠨᠢ ᠬᠠᠯᠢᠶᠠᠨ (ᠬᠠᠷᠠᠨ) ᠰᠠᠭᠤᠭᠰᠠᠭᠠᠷ ᠪᠠᠢᠭᠠᠳ ᠬᠠᠷᠠᠩᠭᠠᠯᠠᠵᠤ (ᠥᠯᠥᠰᠴᠦ)ᠤᠮᠳᠠᠭᠠᠰᠤᠨ ᠬᠠᠷᠠᠩᠭᠤᠰᠴᠤ ᠤᠨᠠᠬᠤ ᠬᠦᠷᠬᠦ ᠳ᠋ᠦ᠍ᠨᠢ ᠰᠠᠢᠬᠢ (ᠥᠨᠥᠬᠢ) ᠳᠣᠯᠣᠭᠠᠨ ᠮᠠᠨᠲᠠᠤ ᠳ᠋ᠠᠭᠠᠨ ᠠᠷᠢᠬᠢ ᠪᠠᠨ ᠰᠢᠩᠭᠡᠭᠡᠭᠡᠳ ᠄ 
       - ᠪᠤᠷᠬᠠᠨ ᠤ᠋ ᠱᠠᠩ ᠬᠦᠷᠲᠡᠮᠦ ! ᠭᠡᠵᠦ ᠳᠣᠯᠣᠭᠠᠨ ᠲᠦᠰᠢᠮᠡᠯ ᠳ᠋ᠦ᠍ ᠨᠢᠭᠡ ᠨᠢᠭᠡ ᠥᠭᠴᠦ ᠭᠡᠨ᠎ᠡ ᠃ ᠳᠣᠯᠣᠭᠠᠨ ᠲᠦᠰᠢᠮᠡᠯ ᠲᠡᠭᠦᠨ ᠢ᠋ ᠨᠢ ᠢᠳᠡᠭᠡᠳ ᠳᠣᠣᠷ᠎ᠠ ᠪᠠᠨ ᠰᠣᠭᠲᠣᠨ ᠤᠨᠠᠵᠤ ᠭᠡᠨ᠎ᠡ ᠃ ᠲᠡᠭᠡᠬᠦ ᠳ᠋ᠦ᠍ ᠮᠡᠷᠭᠡᠨ ᠲᠡᠮᠦᠨᠡ ᠳᠣᠯᠣᠭᠠᠨ ᠮᠣᠷᠢᠨ ᠤ᠋ ᠬᠢᠨᠢ ᠰᠠᠭᠯᠠᠭ᠎ᠠ ( ᠪᠡᠯᠪᠡᠷᠡᠬᠡᠢ ᠶ᠋ᠢᠨ ᠠᠷᠤ) ᠪᠠᠷ ᠨᠢ ᠴᠠᠪᠴᠢᠵᠤ ᠬᠠᠶᠠᠭᠠᠳ ᠭᠠᠭᠴᠠ ᠠᠷᠠᠨᠵᠠᠯ ᠢ᠋ ᠨᠢ ᠤᠨᠤᠭᠠᠳ ᠳᠤᠲᠠᠭᠠᠵᠠᠢ᠃ ᠳᠣᠯᠣᠭᠠᠨ ᠲᠦᠰᠢᠮᠡᠯ ᠮᠠᠷᠭᠠᠰᠢ ᠨᠢ ᠰᠠᠶᠢ ᠰᠡᠷᠭᠦᠵᠦ ᠮᠡᠷᠭᠡᠨ ᠲᠡᠮᠦᠨᠡ ᠳᠤᠲᠠᠭᠠᠭᠰᠠᠨ ᠢ᠋ ᠮᠡᠳᠡᠵᠦ ᠬᠥᠭᠡᠭᠡᠬᠦ ᠭᠡᠬᠦ ᠳ᠋ᠦ᠍ ᠮᠣᠷᠢᠳ ᠨᠢ ᠰᠠᠭᠯᠠᠭ᠎ᠠ ᠦᠭᠡᠢ ᠲᠤᠯᠠ ᠶᠠᠪᠠᠭᠠᠨ ᠢ᠋ᠶ᠋ᠠᠷ ᠣᠷᠳᠣᠨ ᠳ᠋ᠠᠭᠠᠨ ᠪᠤᠴᠠᠵᠤ ᠢᠷᠡᠭᠰᠡᠨ ᠭᠡᠨ᠎ᠡ ᠃ ᠬᠠᠭᠠᠨ ᠠᠭᠤᠷᠯᠠᠬᠤ ᠳ᠋ᠠᠭᠠᠨ ᠪᠦᠭᠦᠳᠡ ᠶ᠋ᠢ ᠶᠠᠯᠠᠲᠠᠨ ᠴᠠᠪᠴᠢᠵᠠᠢ᠃  ᠬᠣᠢᠲᠤ ᠮᠡᠷᠭᠡᠨ ᠲᠡᠮᠦᠨᠡ ᠲᠡᠳᠡᠨ ᠦ᠌ ᠪᠡᠨ ᠠᠷᠤ ( ᠬᠣᠢᠨ᠎ᠠ ) ᠠ᠋ᠴᠠ ᠬᠥᠭᠡᠭᠡᠭᠰᠡᠭᠡᠷ ᠬᠥᠭᠡᠭᠡᠭᠰᠡᠭᠡᠷ ᠳᠤᠮᠳᠠ ᠪᠠᠨ ᠨᠠᠷᠢᠨ ᠤᠷᠤᠰᠬᠠᠯ ᠲᠠᠢ᠂ ᠳᠡᠭᠡᠷ᠎ᠡ ᠪᠡᠨ ᠨᠢᠭᠲᠠ ᠤᠷᠭᠤᠮᠠᠯ ᠲᠠᠢ ᠨᠢᠭᠡᠨ ᠠᠭᠤᠯᠠᠨ ᠳ᠋ᠤ᠌ ᠭᠦᠢᠴᠡᠭᠡᠳ ᠬᠦᠷᠴᠡᠢ ᠃ ᠲᠡᠭᠡᠬᠦ ᠳ᠋ᠦ᠍ ᠥᠨᠥᠴᠢᠨ ᠭᠦᠨᠴᠦ ᠤᠨᠤᠭ᠎ᠠ ᠠ᠋ᠴᠠ ᠪᠠᠨ ᠪᠠᠭᠤᠴᠢᠬᠠᠭᠠᠳ᠄  
       - ᠭᠡᠷ ᠨᠤᠲᠤᠭ ᠠᠪᠤ ᠡᠬᠡ ᠪᠡᠨ ᠰᠠᠨᠠᠵᠤ ᠪᠠᠢᠨ᠎ᠠ ᠂ ᠣᠳᠣ ᠪᠢ ᠶᠠᠪᠤᠬᠤ ᠦᠭᠡᠢ  ᠪᠤᠴᠠᠨ᠎ᠠ ᠭᠡᠳ ᠤᠢᠯᠠᠨ (ᠤᠬᠢᠯᠠᠨ) ᠰᠠᠭᠤᠵᠤ ᠪᠠᠢᠵᠤ ᠭᠡᠨ᠎ᠡ᠃ ᠮᠡᠷᠭᠡᠨ ᠲᠡᠮᠦᠨᠡ ᠄ 
       - ᠲᠡᠭᠡᠪᠡᠯ ᠴᠢ ᠰᠠᠢᠬᠢ ᠠᠪᠤ ᠡᠬᠡ ᠴᠢᠨᠢ ᠪᠠᠷᠢᠵᠤ ᠦᠭᠭᠦᠭᠰᠡᠨ ᠨᠠᠷᠠ ᠰᠠᠷᠠ ᠬᠣᠶᠠᠷ ᠢ᠋ᠶ᠋ᠠᠨ ᠭᠠᠷᠭᠠᠵᠤ ᠦᠵᠡ ᠯᠡ ᠳᠡ ᠂ ᠲᠡᠭᠦᠨ ᠦ᠌ ᠳᠣᠲᠣᠷ᠎ᠠ ᠭᠡᠷ ᠨᠤᠲᠤᠭ ᠂ ᠠᠪᠤ ᠡᠬᠡ ᠴᠢᠨᠢ ᠢᠯᠡᠷᠡᠨ ᠲᠣᠳᠣᠷᠠᠨ᠎ᠠ ᠭᠡᠵᠦ ᠬᠡᠯᠡᠵᠡᠢ ᠃ ᠥᠨᠥᠴᠢᠨ ᠭᠦᠨᠴᠦ ᠄ ᠦᠨᠡᠬᠡᠷ ᠴᠦ᠍ ᠲᠡᠢᠮᠦ ᠭᠡᠵᠦ ᠪᠣᠳᠣᠭᠠᠳ ᠂  ᠠᠴᠢᠶ᠎ᠠ ᠬᠥᠰᠬᠡ ᠪᠡᠨ ᠪᠠᠭᠤᠯᠭᠠᠵᠤ ᠰᠠᠢᠬᠢ 《ᠨᠠᠷᠠ ᠰᠠᠷᠠ 》 ᠪᠠᠨ ᠭᠠᠷᠭᠠᠬᠤ ᠳ᠋ᠤ᠌ ᠠᠯᠲᠠ ᠂ ᠮᠥᠩᠭᠥ ᠨᠢ ᠢᠯᠴᠠᠭᠠᠢ ᠨᠡᠬᠡᠢ ᠳ᠋ᠦ᠍ ᠨᠠᠭᠠᠯᠳᠤᠵᠤ ᠬᠠᠭᠤᠷᠠᠭᠠᠳ ᠂ ᠨᠤᠲᠤᠭ ᠤᠰᠤ ᠠᠪᠤ ᠡᠬᠡ ᠨᠢ ᠢᠯᠡᠷᠡᠭᠰᠡᠨ ᠦᠭᠡᠢ ᠂ ᠬᠠᠷᠢᠨ ᠪᠦᠲᠦᠨ᠂ ᠲᠠᠯ᠎ᠠ ᠬᠣᠶᠠᠷ ᠬᠥᠬᠡ ᠴᠢᠯᠠᠭᠤᠨ ᠲᠡᠭᠡᠷᠮ᠎ᠡ ᠨᠢ ᠢᠯᠡᠷᠡᠵᠦ ᠭᠡᠨ᠎ᠡ ᠃ ᠲᠡᠭᠡᠬᠦ ᠳ᠋ᠦ᠍ ᠬᠣᠢᠲᠤ ᠮᠡᠷᠭᠡᠨ ᠲᠡᠮᠦᠨᠡ᠄ 
       - ᠢᠰᠢ᠂ ᠬᠡᠦᠬᠡ ᠠ᠋ ᠂ ᠠᠪᠤ ᠡᠬᠡ ᠴᠢᠨᠢ ᠴᠢᠮᠠᠢ ᠳᠠᠯᠳᠠᠷᠠᠭᠤᠯᠤᠨ ᠵᠠᠢᠯᠠᠭᠤᠯᠵᠤ ᠶᠠᠳᠠᠵᠤ ᠪᠠᠢᠵᠤ ᠰᠢᠦ ! ᠦᠵᠡᠭᠡᠴᠢ ᠂ ᠴᠢᠮᠠᠢ ᠬᠣᠶᠠᠷ ᠬᠥᠬᠡ ᠴᠢᠯᠠᠭᠤ ᠪᠠᠷ ᠮᠡᠬᠡᠯᠡᠭᠡᠳ ᠶᠠᠪᠤᠭᠤᠯᠤᠭᠰᠠᠨ ᠪᠠᠢᠬᠤ ᠶ᠋ᠢ᠂ ᠡᠢᠮᠦ ᠴᠢᠯᠠᠭᠤ ᠰᠢᠭ᠋ ᠵᠢᠷᠦᠬᠡ ᠲᠡᠢ ᠠᠪᠤ ᠡᠬᠡ ᠶ᠋ᠢ ᠰᠠᠨᠠᠭᠠᠳ ᠶᠠᠮᠠᠷ ᠬᠡᠷᠡᠭ ᠪᠠᠢᠬᠤ ᠪᠣᠢ ? ᠭᠡᠬᠦ ᠳ᠋ᠦ᠍ ᠂ ᠥᠨᠥᠴᠢᠨ ᠭᠦᠨᠴᠦ《ᠦᠨᠡᠬᠡᠷ ᠴᠦ᠍ ᠲᠡᠢᠮᠦ ᠯᠡ ᠪᠠᠢᠨ᠎ᠠ 》ᠭᠡᠵᠦ ᠪᠣᠳᠣᠭᠠᠳ ᠰᠠᠢᠬᠢ 《ᠨᠠᠷᠠ ᠰᠠᠷᠠ》ᠭᠡᠵᠦ ᠦᠭᠭᠦᠭᠰᠡᠨ ᠬᠣᠶᠠᠷ ᠴᠢᠯᠠᠭᠤ ᠪᠠᠨ ᠲᠡᠷᠡ ᠬᠥᠲᠥᠯ ᠳᠡᠭᠡᠷ᠎ᠡ ᠬᠠᠶᠠᠵᠤ ᠣᠷᠬᠢᠭᠠᠳ ᠵᠣᠷᠢᠭ ᠰᠢᠭᠤᠳᠤᠨ ᠴᠠᠰᠢ ᠪᠠᠨ ᠶᠠᠪᠤᠵᠤ ᠭᠡᠨ᠎ᠡ ᠃ ᠢᠩᠭᠢᠭᠡᠳ ᠲᠡᠷᠡ ᠬᠥᠲᠥᠯ ᠨᠢ 《 ᠨᠠᠷᠠ ᠰᠠᠷᠠ ᠶ᠋ᠢᠨ ᠬᠥᠲᠥᠯ 》ᠭᠡᠳᠡᠭ ᠨᠡᠷ᠎ᠡ ᠲᠡᠢ ᠪᠣᠯᠵᠤ ᠂ ᠡᠦᠲᠦ ᠪᠣᠯᠲᠠᠯ᠎ᠠ ᠮᠥᠨ ᠨᠡᠷ᠎ᠡ ᠪᠡᠷ ᠳᠠᠭᠤᠳᠠᠭᠳᠠᠭᠰᠠᠭᠠᠷ ᠢᠷᠡᠵᠡᠢ᠃ 
       ᠲᠠᠩᠭᠤᠳ ᠲᠤ᠌ ᠬᠦᠷᠦᠭᠰᠡᠨ ᠰᠥᠨᠢ ᠬᠢᠲᠠᠳ ᠠ᠋ᠴᠠ ᠰᠣᠷᠢᠨᠵᠢᠨ ᠭᠣᠮᠪᠣ ᠬᠠᠭᠠᠨ ᠪᠠ ᠥᠨᠥᠴᠢᠨ ᠭᠦᠨᠴᠦ ᠬᠠᠲᠤᠨ ᠳ᠋ᠤ᠌ ᠬᠣᠣᠷᠲᠤ ᠮᠣᠭᠠᠢ ᠲᠠᠯᠪᠢᠵᠤ ᠭᠡᠨ᠎ᠡ ᠃ ᠬᠠᠭᠠᠨ ᠤ᠋ ᠤᠨᠲᠠᠬᠤ ᠥᠷᠥᠭᠡ ᠳ᠋ᠦ᠍ ᠬᠠᠷᠠᠭᠤᠯ ᠰᠠᠭᠤᠵᠤ ᠪᠠᠢᠭᠰᠠᠨ ᠬᠣᠢᠲᠤ ᠮᠡᠷᠭᠡᠨ ᠲᠡᠮᠦᠨᠡ ᠮᠣᠭᠠᠢ ᠶ᠋ᠢ ᠨᠢ ᠴᠠᠪᠴᠢᠵᠤ ᠠᠯᠠᠬᠤ ᠳ᠋ᠤ᠌ ᠨᠢᠭᠡ ᠳᠤᠰᠤᠯ ᠴᠢᠰᠤ ᠨᠢ ᠦᠰᠦᠷᠦᠭᠡᠳ ᠤᠨᠲᠠᠵᠤ ᠪᠠᠢᠭᠰᠠᠨ ᠬᠠᠲᠤᠨ ᠤ᠋ ᠬᠠᠴᠠᠷ ᠳᠡᠭᠡᠷ᠎ᠡ ᠲᠤᠰᠴᠢᠬᠠᠵᠠᠢ ᠃ ᠲᠡᠭᠡᠭᠡᠳ ᠮᠡᠷᠭᠡᠨ ᠲᠡᠮᠦᠨᠡ ᠲᠡᠷᠡ ᠴᠢᠰᠤ ᠶ᠋ᠢ ᠨᠢ ᠰᠡᠯᠡᠮ᠎ᠡ ᠪᠡᠷ ᠢ᠋ᠶ᠋ᠡᠨ ᠬᠤᠰᠤᠭᠠᠳ ᠠᠪᠤᠶ᠎ᠠ ᠭᠡᠬᠦ ᠳ᠋ᠦ᠍ ᠰᠢᠨ᠎ᠡ ᠬᠠᠲᠤᠨ ᠤ᠋ ᠬᠠᠴᠠᠷ ᠳᠡᠭᠡᠷ᠎ᠡ ᠰᠣᠷᠪᠢ ᠰᠠᠭᠤᠯᠭᠠᠬᠤ ᠠ᠋ᠴᠠ ᠠᠶᠤᠭᠠᠳ ᠬᠡᠯᠡ ᠪᠡᠷ ᠢ᠋ᠶ᠋ᠡᠨ ᠳᠣᠯᠢᠶᠠᠵᠤ ᠠᠪᠤᠭᠰᠠᠨ ᠭᠡᠨ᠎ᠡ ᠃   ᠮᠠᠷᠭᠠᠰᠢ ᠨᠢ ᠬᠠᠲᠤᠨ ᠪᠣᠰᠤᠭᠠᠳ ᠬᠠᠭᠠᠨ ᠳ᠋ᠠᠭᠠᠨ᠄ 
       - ᠲᠡᠷᠡ ᠴᠢᠨᠢ ᠰᠥᠨᠢ ᠢᠷᠡᠵᠦ ᠨᠠᠮᠠᠢ ᠨᠢᠭᠡ ᠦᠨᠦᠰᠬᠦ ᠰᠢᠭ ᠪᠣᠯᠪᠠ ᠭᠡᠬᠦ ᠳ᠋ᠦ᠍ ᠂ ᠬᠠᠭᠠᠨ ᠮᠡᠷᠭᠡᠨ ᠲᠡᠮᠦᠨᠡ ᠳ᠋ᠦ᠍ ᠬᠢᠯᠢᠩᠨᠡᠵᠦ ᠂ ᠬᠣᠶᠠᠷ ᠨᠢᠳᠦ ᠶ᠋ᠢ ᠨᠢ ᠮᠠᠯᠲᠠᠵᠤ ᠠᠪᠤᠭᠠᠳ ᠤᠬᠤᠷᠬᠠᠢ ᠳ᠋ᠤᠨᠢ ᠮᠠᠭᠠᠵᠢᠨ (ᠬᠠᠷ᠎ᠠ ᠲᠣᠰᠣ) ᠪᠤᠴᠠᠯᠭᠠᠨ ᠬᠢᠵᠦ ᠂ ᠭᠠᠷ ᠬᠥᠯ ᠳ᠋ᠦ᠍ᠨᠢ ᠭᠠᠪᠠ ᠳᠥᠩᠭᠡ ᠵᠡᠭᠦᠯᠭᠡᠭᠡᠳ ᠬᠠᠷ᠎ᠠ ᠭᠡᠷ ( ᠭᠢᠨᠳᠠᠨ) ᠳ᠋ᠤ᠌ ᠬᠠᠶᠠᠴᠢᠬᠠᠵᠤ ᠭᠡᠨ᠎ᠡ ᠃