ᠪᠢᠴᠢᠶ᠎ᠡ- ᠭᠠᠯᠰᠠᠩ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠴᠢᠶ᠎ᠡ- ᠭᠠᠯᠰᠠᠩ

ᠪᠢᠴᠢᠶ᠎ᠡ- ᠭᠠᠯᠰᠠᠩ

2024-02-24

359

ᠪᠢᠴᠢᠶ᠎ᠡ

              — ᠭᠠᠯᠰᠠᠩ
ᠳᠡᠭᠡᠭᠰᠢ ᠪᠡᠨ ᠮᠠᠴᠤᠯᠠᠬᠤ ᠳ᠋ᠤ᠌ ᠪᠠᠨ ᠭᠠᠵᠠᠷ ᠠ᠋ᠴᠠ ᠪᠣᠰᠤᠭᠰᠠᠨ
ᠳᠡᠯᠡᠬᠡᠢ ᠪᠠᠷᠠᠯᠠᠭᠰᠠᠨ ᠳᠤᠷᠠᠨ ᠬᠠᠷᠠᠴᠠ ᠲᠠᠢ
ᠳᠡᠯᠭᠡᠷᠡᠩᠭᠦᠢ ᠪᠠᠶᠠᠯᠢᠭ ᠠᠭᠤᠯᠭ᠎ᠠ ᠪᠠᠨ
ᠳᠡᠭᠡᠳᠦᠰ ᠮᠡᠷᠭᠡᠳ ᠦ᠋ᠨ ᠲᠡᠦᠬᠡ ᠲᠡᠢ ᠰᠣᠶᠣᠯ ᠢ᠋ᠶ᠋ᠠᠷ ᠢ᠋ᠶ᠋ᠠᠨ

ᠪᠡᠷᠬᠡ ᠬᠦᠴᠢᠷ ᠦ᠋ᠨ ᠪᠣᠭᠣᠮᠲᠠ ᠶ᠋ᠢ ᠰᠢᠪᠲᠤᠯᠤᠨ
ᠪᠡᠶ᠎ᠡ ᠪᠡᠨ ᠪᠠᠷᠢᠵᠤ ᠵᠣᠷᠢᠭ ᠲᠠᠢ ᠪᠢᠴᠢᠶ᠎ᠡ
ᠪᠢᠯᠢᠭ ᠰᠠᠷᠠᠯ ᠤ᠋ᠨ ᠤᠬᠠᠭᠠᠨ ᠤ᠋ ᠬᠤᠷᠴᠠ ᠪᠠᠷ ᠢ᠋ᠶ᠋ᠠᠨ
ᠪᠢᠴᠢᠬᠠᠨ ᠨᠠᠢᠵᠠᠳ ᠢ᠋ᠶ᠋ᠠᠨ ᠳᠠᠢᠴᠢᠯᠠᠵᠤ ᠪᠢᠴᠢᠶ᠎ᠡ

ᠬᠥᠨᠳᠡᠢ ᠴᠡᠭᠡᠵᠢᠨ ᠡᠴᠡ ᠨᠣᠴᠣᠵᠤ ᠳᠦᠷᠡᠯᠵᠡᠭᠰᠡᠨ
ᠬᠥᠪᠴᠢᠨ ᠳᠡᠯᠡᠬᠡᠢ ᠳ᠋ᠦ᠍ ᠬᠣᠣᠰ ᠦᠭᠡᠢ ᠬᠣᠪᠣᠷᠬᠠᠨ
ᠬᠥᠬᠡ ᠳᠥᠯᠥ ᠰᠢᠭ ᠭᠠᠯ ᠨᠢ ᠪᠠᠳᠠᠷᠠᠭᠰᠠᠨ
ᠬᠥᠨᠳᠡᠯᠡᠨ ᠪᠢᠴᠢᠭ ᠡᠴᠡ ᠣᠢᠯᠭᠠᠬᠤ ᠳ᠋ᠤ᠌ ᠳᠥᠬᠥᠮᠬᠡᠨ

ᠪᠣᠰᠤᠭ᠎ᠠ ᠲᠢᠭ ᠲᠡᠢ ᠤᠷᠭᠤᠭ᠎ᠠ ᠪᠢᠴᠢᠯᠭᠡ ᠪᠡᠨ
ᠪᠤᠭᠤᠷᠤᠯ ᠨᠠᠰᠤᠲᠠᠳ ᠠ᠋ᠴᠠ ᠪᠠᠨ ᠥᠪᠯᠡᠵᠦ ᠪᠢᠴᠢᠶ᠎ᠡ
ᠪᠤᠰᠤᠳ ᠠ᠋ᠴᠠ ᠴᠢᠬᠤᠯᠠ ᠬᠠᠷᠢᠭᠤᠴᠠᠯᠭ᠎ᠠ ᠡᠪᠦᠷᠯᠡᠵᠦ
ᠪᠤᠯᠪᠠᠷᠠᠢ ᠪᠠᠭᠠᠴᠤᠳ ᠲᠤ ᠪᠠᠨ ᠥᠮᠴᠢᠯᠡᠭᠦᠯᠵᠦ ᠪᠢᠴᠢᠶ᠎ᠡ
                 2024.1.13
   ᠦᠰᠦᠭ ᠠᠮᠢᠯᠠᠭᠤᠯᠤᠭᠰᠠᠨ ᠨᠢ᠄ ᠣᠳᠬᠣᠨᠴᠡᠴᠡᠭ