ᠬᠣᠢᠲᠤ ᠮᠡᠷᠭᠡᠨ ᠲᠡᠮᠦᠨᠡ < ᠨᠢᠭᠡ > Хойд мэргэн төмнө – Нэг
ᠬᠣᠢᠲᠤ ᠮᠡᠷᠭᠡᠨ ᠲᠡᠮᠦᠨᠡ < ᠨᠢᠭᠡ >
ᠡᠷᠲᠡ ᠤᠷᠢᠳᠤ ᠶ᠋ᠢᠨ ᠴᠠᠭ ᠲᠤ᠌ ᠭᠡᠨ᠎ᠡ
ᠡᠯᠦᠨᠴᠡ ᠬᠤᠯᠤᠨᠴᠠ ᠶ᠋ᠢᠨ ᠦᠶ᠎ᠡ ᠳ᠋ᠦ᠍ ᠭᠡᠨ᠎ᠡ
ᠡᠨᠡ ᠭᠠᠵᠠᠷ ᠠ᠋ᠴᠠ ᠬᠣᠯᠠ ᠭᠡᠨ᠎ᠡ
ᠡᠭᠴᠡ ᠬᠣᠢᠲᠤ ᠵᠦᠭ ᠲᠦ᠍ ᠭᠡᠨ᠎ᠡ!
ᠨᠡᠷ᠎ᠡ ᠤᠰᠤ ᠦᠭᠡᠢ ᠨᠢᠭᠡᠨ ᠡᠪᠦᠭᠡᠨ ᠠᠮᠢᠳᠤᠷᠠᠵᠤ ᠪᠠᠢᠭᠰᠠᠨ ᠭᠡᠨ᠎ᠡ᠃ ᠬᠥᠮᠦᠨ ᠠᠮᠢᠲᠠᠨ ᠠ᠋ᠴᠠ ᠬᠡᠲᠦᠷᠡᠭᠰᠡᠨ ᠰᠡᠴᠡᠨ ᠮᠡᠷᠭᠡᠨ ᠤᠬᠠᠭᠠᠨ ᠲᠠᠢ᠂ ᠦᠳᠡ ᠶ᠋ᠢᠨ ᠵᠠᠮ ᠳ᠋ᠤ᠌ ᠪᠣᠰᠬᠠᠭᠰᠠᠨ ᠲᠡᠮᠦᠨᠡ(ᠲᠡᠪᠡᠨᠡ) ᠶ᠋ᠢᠨ ᠰᠦᠪᠡ ᠶ᠋ᠢ ᠰᠡᠳᠡ ᠬᠠᠷᠪᠤᠳᠠᠭ ᠠᠶᠤᠮᠠᠷ ᠴᠡᠴᠡᠨ ᠬᠠᠷᠪᠤᠭᠠᠴᠢᠨ ᠪᠠᠢᠭᠰᠠᠨ ᠪᠣᠯᠬᠣᠷ 《 ᠬᠣᠢᠲᠤ ᠮᠡᠷᠭᠡᠨ ᠲᠡᠮᠦᠨᠡ》 ᠭᠡᠵᠦ ᠠᠯᠳᠠᠷᠰᠢᠵᠠᠢ᠃ ᠲᠡᠭᠦᠨ ᠳ᠋ᠦ᠍ ᠣᠯᠠᠨ ᠤ᠋ ᠳᠤᠮᠳᠠ ᠲᠡᠨᠡᠭ ᠲᠥᠷᠥᠭᠰᠡᠨ ᠠᠷᠠᠪᠰᠠᠷ ᠭᠡᠳᠡᠭ ᠭᠠᠭᠴᠠ ᠬᠦᠦ ᠲᠡᠢ᠂ ᠣᠷᠴᠢᠯᠠᠩ ᠳᠡᠭᠡᠷ᠎ᠡ ᠡᠴᠡ ᠣᠯᠳᠠᠰᠢ ᠦᠭᠡᠢ《ᠬᠠᠷ᠎ᠠ ᠬᠡᠯᠡᠨ ᠰᠣᠭᠰᠣᠷ》ᠭᠡᠭᠴᠢ ᠬᠤᠷᠳᠤᠨ ᠱᠠᠷ ᠲᠠᠢ ᠶᠤᠮ ᠪᠠᠢᠵᠤ ᠭᠡᠨ᠎ᠡ᠃ ᠬᠦᠦ ᠨᠢ ᠳᠠᠩᠴᠢ ᠲᠡᠨᠡᠭ ᠪᠣᠯᠬᠣᠷ ᠶᠠᠭᠠᠬᠢᠵᠤ ᠬᠥᠮᠦᠨ ᠪᠣᠯᠭᠠᠬᠤ ᠂ ᠶᠠᠭᠠᠬᠢᠵᠤ ᠪᠡᠷᠢ ᠣᠯᠭᠣᠬᠤ ᠭᠡᠵᠦ ᠯᠡ ᠰᠠᠨᠠᠭ᠎ᠠ ᠵᠣᠪᠠᠨ ᠰᠠᠭᠤᠳᠠᠭ ᠪᠠᠢᠵᠠᠢ᠃ ᠨᠢᠭᠡᠨ ᠡᠳᠦᠷ ᠬᠦᠦ ᠠᠷᠠᠪᠰᠠᠷ ᠢ᠋ᠶ᠋ᠠᠨ ᠳᠠᠭᠤᠳᠠᠵᠤ ᠢᠷᠡᠭᠡᠳ ᠄
- 《ᠠᠪᠤ ᠶ᠋ᠢᠨ ᠪᠣᠢ ᠳ᠋ᠤ᠌ ᠡᠯᠢᠭᠡᠨ ᠰᠠᠳᠤᠨ ᠢ᠋ᠶ᠋ᠠᠨ ᠲᠠᠨᠢᠳᠠᠭ ᠂ ᠠᠭᠲᠠ ᠶ᠋ᠢᠨ ᠪᠣᠢ ᠳ᠋ᠤ᠌ ᠭᠠᠵᠠᠷ ᠤᠰᠤ ᠪᠠᠨ ᠦᠵᠡᠳᠡᠭ 》ᠡᠦᠲᠦ ᠬᠦᠦ ᠮᠢᠨᠢ
ᠭᠠᠳᠠᠨ᠎ᠠ ᠳᠣᠲᠣᠨ᠎ᠠ ᠶᠠᠪᠤᠬᠤ ᠪᠣᠯᠵᠠᠢ
ᠭᠠᠵᠠᠷ ᠤᠰᠤ ᠦᠵᠡᠬᠦ ᠪᠣᠯᠵᠠᠢ
ᠭᠠᠯ ᠭᠣᠯᠣᠮᠲᠠ ᠮᠠᠨᠠᠬᠤ ᠪᠣᠯᠵᠠᠢ
ᠭᠠᠭᠴᠠ ᠠᠪᠤ ᠪᠠᠨ ᠲᠡᠵᠢᠭᠡᠬᠦ ᠪᠣᠯᠵᠠᠢ᠃
ᠠᠪᠤ ᠨᠢ ᠴᠢᠮᠠᠲᠤ ᠵᠠᠭᠤᠨ ᠬᠤᠴᠠ ᠥᠭᠭᠦᠶ᠎ᠡ ᠂ ᠴᠢ ᠵᠦᠭᠯᠡᠭᠰᠡᠨ ᠵᠦᠭ ᠲᠡᠭᠡᠨ ᠵᠠᠭᠤᠨ ᠬᠣᠨᠣᠭ ᠶᠠᠪᠤᠵᠤ ᠬᠤᠳᠠᠯᠳᠤᠭ᠎ᠠ ᠬᠢᠭᠡᠳ ᠢᠷ᠎ᠡ ᠃ ᠲᠡᠭᠡᠬᠦ ᠳ᠋ᠡᠭᠡᠨ ᠵᠠᠪᠠᠯ ᠵᠠᠭᠤᠨ ᠵᠦᠢᠯ ᠦ᠋ᠨ ᠪᠠᠷᠠᠭ᠎ᠠ (ᠡᠳ᠋) ᠲᠡᠢ ᠬᠠᠷᠢᠵᠤ ᠢᠷᠡᠬᠦ ᠬᠡᠷᠡᠭᠲᠡᠢ᠃ ᠣᠯᠵᠠ ᠣᠮᠣᠭ ᠲᠠᠢ ᠶᠠᠪᠤᠭᠠᠳ ᠢᠷᠡᠳᠡᠭ ᠪᠣᠯ ᠱᠣᠷᠣᠯᠭᠠ ( ᠴᠢᠳᠠᠪᠤᠷᠢ ᠴᠢᠷᠮᠠᠢᠯᠭ᠎ᠠ ) ᠴᠢᠨᠢ ᠲᠡᠷᠡ ᠂ ᠴᠢᠳᠠᠬᠤ ᠦᠭᠡᠢ ᠪᠡᠷ ᠲᠤᠷᠠᠵᠤ ᠥᠯᠪᠡᠷᠳᠡᠭ ᠪᠣᠯ ᠲᠦᠭᠵᠢᠭ (ᠬᠣᠬᠢ) ᠴᠢᠨᠢ ᠲᠡᠷᠡ!ᠭᠡᠵᠦ ᠬᠡᠯᠡᠭᠡᠳ᠂ ᠣᠨᠳᠣᠣ ᠶᠠᠭᠤ ᠴᠦ᠍ ᠦᠭᠭᠦᠭᠰᠡᠨ ᠦᠭᠡᠢ ᠪᠡᠷ ᠵᠠᠭᠤᠨ ᠬᠤᠴᠠ ᠲᠠᠭᠤᠯᠭᠠᠨ ᠶᠠᠪᠤᠭᠤᠯᠵᠠᠢ᠃
ᠲᠡᠨᠡᠭ ᠬᠦᠦ ᠤᠷᠤᠭᠤ ᠴᠢᠷᠠᠢᠯᠠᠨ ᠤᠰᠤᠨ ᠨᠢᠳᠦᠯᠡᠵᠦ᠂ ᠵᠠᠭᠤᠨ ᠬᠤᠴᠠ ᠶ᠋ᠢᠨ ᠢ᠋ᠶ᠋ᠡᠨ ᠬᠣᠢᠨ᠎ᠠ ᠠ᠋ᠴᠠ ᠳᠠᠭᠠᠭᠠᠳ ᠵᠦᠭ ᠴᠢᠭ ᠦᠭᠡᠢ ᠵᠠᠮ ᠳ᠋ᠤ᠌ ᠵᠥᠪ ᠵᠦᠭᠡᠷ ᠭᠠᠷᠴᠤ ᠭᠡᠨ᠎ᠡ᠃ ᠵᠠᠭᠤᠨ ᠬᠣᠨᠣᠭ ᠤ᠋ᠨ ᠵᠦᠭ ᠴᠢᠭ ᠦᠭᠡᠢ ᠠᠶᠠᠨ ᠰᠢᠦ᠂ ᠵᠠᠭᠤᠷ᠎ᠠ ᠬᠣᠨᠣᠭ ᠤ᠋ᠨ ᠠᠢᠯᠴᠢᠨ ᠤ᠋ ᠵᠠᠮ ᠪᠢᠰᠢ! ᠵᠢᠷᠭᠤᠭᠠᠨ ᠠᠯᠬᠤᠮ ᠳ᠋ᠠᠬᠢ ᠬᠡᠦᠬᠡᠦᠰ ( ᠬᠡᠦᠬᠡᠳ ) ᠦ᠋ᠨ ᠲᠣᠭᠯᠠᠭᠠᠮ ᠴᠤ᠌ ᠪᠢᠰᠢ ! ᠶᠠᠪᠠᠭᠠᠨ ᠬᠣᠭᠣᠰᠣᠨ ᠢ᠋ᠶ᠋ᠠᠷ ᠪᠢ ᠶᠠᠭᠠᠬᠢᠵᠤ ᠶᠠᠪᠤᠵᠤ ᠢᠷᠡᠳᠡᠭ ᠪᠢᠯᠡ? ᠭᠡᠵᠦ ᠪᠣᠳᠣᠨ ᠪᠣᠳᠣᠨ ᠭᠣᠮᠣᠳᠠᠵᠤ ᠣᠢᠯᠠᠭᠠᠳ (ᠤᠬᠢᠯᠠᠭᠠᠳ) ᠶᠠᠪᠤᠵᠤ ᠭᠡᠨ᠎ᠡ᠃ ᠲᠡᠭᠡᠵᠦ ᠪᠠᠢᠲᠠᠯ᠎ᠠ ᠵᠠᠮ ᠳ᠋ᠤᠨᠢ ᠨᠠᠷᠠ ᠰᠠᠷ᠎ᠠ ᠰᠢᠩᠭᠢ (ᠮᠡᠲᠦ) ᠰᠠᠢᠬᠠᠨ ᠵᠢᠰᠦ ᠲᠡᠢ᠂ ᠨᠠᠪᠴᠢ ᠴᠡᠴᠡᠭ ᠰᠢᠩᠭᠢ (ᠮᠡᠲᠦ) ᠬᠡᠭᠡᠮᠰᠦᠭ ᠬᠤᠪᠴᠠᠰᠤ ᠲᠠᠢ᠂ ᠲᠣᠭᠠᠯᠠᠪᠠᠯ ᠨᠠᠰᠤ ᠰᠠᠴᠠᠭᠤ᠂ ᠲᠥᠭᠡᠯᠡᠪᠡᠯ ᠨᠢᠷᠤᠭᠤ ᠰᠠᠴᠠᠭᠤ ᠬᠥᠭᠡᠷᠦᠬᠦᠨ ᠪᠣᠷᠣ ᠬᠡᠦᠬᠡᠨ ᠬᠠᠷᠭᠤᠵᠤ ᠭᠡᠨ᠎ᠡ᠃ ᠲᠡᠭᠦᠨ ᠦ᠌ ᠤᠢᠯᠠᠨ (ᠤᠬᠢᠯᠠᠨ) ᠶᠠᠪᠤᠬᠤ ᠶ᠋ᠢ ᠨᠢ ᠬᠡᠦᠬᠡᠨ ᠦᠵᠡᠭᠡᠳ ᠶᠡᠬᠡ ᠭᠠᠢᠬᠠᠵᠤ᠄
– ᠴᠢ ᠶᠠᠭᠤᠨ ᠳ᠋ᠤ᠌ ᠤᠢᠯᠠᠪᠠ (ᠤᠬᠢᠯᠠᠪᠠ )? ᠭᠡᠵᠦ ᠰᠤᠷᠠᠵᠤ ᠭᠡᠨ᠎ᠡ ᠃ ᠠᠷᠠᠪᠰᠠᠷ ᠤᠴᠢᠷ ᠶᠠᠪᠤᠳᠠᠯ ᠢ᠋ᠶ᠋ᠠᠨ ᠬᠡᠯᠡᠵᠦ ᠥᠭᠬᠦ ᠳ᠋ᠦ᠍ ᠬᠡᠦᠬᠡᠨ ᠡᠯᠡᠭᠯᠡᠨ ᠢᠨᠢᠶᠡᠵᠦ᠄
– ᠡᠷ᠎ᠡ ᠬᠥᠮᠦᠨ ᠪᠢᠵᠡ ᠴᠢ᠂ ᠡᠷᠢᠶᠡᠨ ᠨᠢᠳᠦᠨ ᠦ᠌ ᠨᠢᠯᠪᠤᠰᠤ ᠴᠢᠨᠢ ᠶᠠᠮᠠᠷ ᠬᠡᠷᠡᠭ ᠦᠭᠡᠢ ᠶᠠᠭᠤᠮᠠᠨ ᠳ᠋ᠤ᠌ ᠭᠣᠭᠣᠵᠢᠳᠠᠭ ᠪᠣᠢ ? ᠭᠡᠵᠦ ᠬᠡᠯᠡᠵᠦ ᠭᠡᠨ᠎ᠡ ᠃ ᠠᠷᠠᠪᠰᠠᠷ ᠤᠯᠠᠮ ᠤᠢᠯᠠᠵᠤ ( ᠤᠬᠢᠯᠠᠵᠤ ) ᠄
– 《 ᠶᠠᠪᠠᠭᠠᠨ ᠬᠥᠮᠦᠨ ᠦ᠌ ᠵᠣᠪᠠᠯᠠᠩ ᠢ᠋ ᠮᠣᠷᠢᠲᠠᠢ ᠬᠥᠮᠦᠨ ᠮᠡᠳᠡᠬᠦ ᠦᠭᠡᠢ 》ᠨᠢ ᠵᠥᠪ ᠂ 《ᠣᠭᠣᠲᠣᠨ᠎ᠠ ᠶ᠋ᠢᠨ ᠦᠬᠦᠯ ᠮᠢᠯ (ᠮᠤᠤᠷ) ᠤ᠋ᠨ ᠨᠠᠭᠠᠳᠤᠮ ᠪᠣᠯᠳᠠᠭ》ᠨᠢ ᠴᠦ᠍ ᠦᠨᠡᠨ᠃ ᠪᠢ ᠵᠠᠭᠤᠨ ᠵᠦᠢᠯ ᠦ᠋ᠨ ᠬᠤᠳᠠᠯᠳᠤᠭ᠎ᠠ ᠬᠢᠭᠡᠳ ᠪᠤᠴᠠᠬᠤ ᠶ᠋ᠢ ᠪᠠᠢᠲᠤᠭᠠᠢ ᠵᠢᠷᠭᠤᠭᠠᠨ ᠡᠳᠦᠷ ᠦ᠋ᠨ ᠨᠠᠷᠠ ᠶ᠋ᠢ ᠴᠦ᠍ ᠦᠵᠡᠵᠦ ᠴᠢᠳᠠᠯ ᠦᠭᠡᠢ ᠪᠡᠷ ᠵᠠᠭᠤᠷ᠎ᠠ ᠵᠠᠮ ᠳ᠋ᠠᠭᠠᠨ ᠦᠬᠦᠵᠦ ᠵᠢᠯᠢᠢᠬᠦ (ᠲᠣᠨᠢᠯᠬᠤ) ᠭᠡᠵᠦ ᠪᠠᠢᠬᠤ ᠳ᠋ᠤ᠌ ᠴᠢ ᠡᠯᠡᠭᠯᠡᠳᠡᠭ ᠨᠢ ᠶᠠᠭᠤ ᠪᠣᠢ ? ᠭᠡᠵᠦ ᠭᠡᠨ᠎ᠡ᠃ ᠬᠡᠦᠬᠡᠨ ᠴᠦ᠍ ᠤᠯᠠᠮ ᠢᠨᠢᠶᠡᠵᠦ᠄
– ᠴᠢ ᠶᠠᠮᠠᠷ ᠬᠡᠷᠡᠭ ᠦᠭᠡᠢ ᠶᠠᠭᠤᠮᠠᠨ ᠳ᠋ᠤ᠌ ᠣᠢᠯᠠᠳᠠᠭ ( ᠤᠬᠢᠯᠠᠳᠠᠭ) ᠬᠥᠮᠦᠨ ᠪᠣᠢ ? ᠴᠠᠰᠢ ᠪᠠᠨ ᠤᠬᠤᠴᠢᠯᠠᠵᠤ ᠪᠣᠳᠣᠳᠠᠭ ᠦᠭᠡᠢ ᠂ ᠤᠬᠠᠭᠠᠨ ᠴᠢᠨᠢ ᠤᠭᠤᠴᠠᠨ ᠳ᠋ᠠᠭᠠᠨ ᠣᠷᠣᠪᠠᠤ ? ᠰᠦᠨᠡᠰᠦ ᠴᠢᠨᠢ ᠰᠡᠭᠦᠵᠢ ᠳ᠋ᠡᠭᠡᠨ ᠰᠢᠩᠭᠡᠪᠡᠦ ? ᠵᠠᠭᠤᠨ ᠬᠤᠴᠠ ᠪᠠᠢᠬᠤ ᠴᠢᠨᠢ ᠴᠢᠮᠠᠲᠤ ᠶᠠᠭᠤ ᠪᠣᠯᠭᠠᠨ ᠪᠦᠷ ᠪᠠᠢᠨ᠎ᠠ ᠭᠡᠰᠡᠨ ᠦᠭᠡ ᠄ ᠡᠳᠦᠷ ᠪᠦᠷᠢ ᠨᠢᠭᠡ ᠬᠤᠴᠠ ᠪᠠᠨ ᠬᠢᠷᠯᠠᠭᠠᠳ ( ᠬᠥᠩᠭᠡᠯᠡᠭᠡᠳ ) ᠪᠥᠭᠡᠰᠡᠭ ( ᠪᠥᠭᠡᠷ᠎ᠡ ) ᠶ᠋ᠢ ᠨᠢ ᠢᠳᠡᠵᠦ ᠶᠠᠪᠤᠪᠠᠯ ᠵᠠᠭᠤᠨ ᠬᠣᠨᠣᠭ ᠤ᠋ᠨ ᠬᠦᠨᠡᠰᠦ ᠴᠢᠨᠢ ᠪᠢᠰᠢᠦ?ᠠᠶᠠᠭ᠎ᠠ ᠰᠠᠪᠠ ᠴᠦ᠍ ᠬᠡᠷᠡᠭ ᠦᠭᠡᠢ ᠶᠠᠮᠠᠷ ᠠᠮᠠᠷᠬᠠᠨ ᠪᠠᠢᠨ᠎ᠠ!ᠡᠳᠦᠷ ᠪᠦᠷᠢ ᠨᠢᠭᠡ ᠬᠤᠴᠠ ᠶ᠋ᠢᠨ ᠢ᠋ᠶ᠋ᠡᠨ ᠬᠣᠶᠠᠷ ᠭᠤᠶ᠎ᠠ ᠶ᠋ᠢ ᠬᠢᠷᠭᠠᠭᠠᠳ ᠨᠣᠣᠰᠣ ᠪᠠᠷ ᠨᠢ ᠲᠡᠯᠢᠩ (ᠲᠡᠩᠨᠡᠳᠡᠭ ᠤᠭᠤᠲᠠ) ᠨᠡᠬᠡᠭᠡᠳ ᠲᠣᠬᠣᠴᠢᠬᠠᠪᠠᠯ ᠵᠠᠭᠤᠨ ᠶᠠᠩᠵᠤ ᠶ᠋ᠢᠨ ᠪᠠᠷᠠᠭᠠᠨ(ᠡᠳ᠋) ᠦ᠋ᠨ ᠤᠭᠤᠲᠠ ᠴᠢᠨᠢ ᠪᠢᠰᠢᠦ ? ᠳᠡᠭᠡᠰᠦ ᠴᠦ᠍ ᠬᠡᠷᠡᠭ ᠦᠭᠡᠢ ᠶᠠᠮᠠᠷ ᠡᠪᠲᠡᠢᠬᠡᠨ ᠪᠠᠢᠨ᠎ᠠ ! ᠪᠠᠰᠠ ᠨᠢᠭᠡ ᠬᠤᠴᠠ ᠪᠠᠨ ᠪᠦᠲᠦᠨ ᠬᠢᠷᠭᠠᠭᠠᠳ ᠨᠣᠣᠰᠣ ᠶ᠋ᠢ ᠨᠢ ᠰᠥᠨᠢ ᠳ᠋ᠡᠭᠡᠨ ᠬᠥᠳᠦᠷᠴᠦ (ᠨᠥᠮᠥᠷᠴᠦ)᠂ ᠡᠳᠦᠷ ᠲᠡᠭᠡᠨ ᠮᠥᠨ ᠬᠤᠴᠠ ᠳᠡᠭᠡᠷ᠎ᠡ ᠪᠡᠨ ᠠᠴᠢᠭᠠᠳ ᠶᠠᠪᠤᠪᠠᠯ᠂ ᠴᠠᠰᠢ ᠨᠡᠰᠢ ᠶᠠᠪᠤᠵᠤ ᠢᠷᠡᠬᠦ ᠵᠠᠭᠤᠨ ᠬᠣᠨᠣᠭ ᠤ᠋ᠨ ᠬᠤᠴᠢᠯᠭ᠎ᠠ ᠴᠢᠨᠢ ᠪᠢᠰᠢᠦ ? ᠳᠡᠯᠡᠬᠡᠢ ᠶᠡᠬᠡ (ᠳᠠᠯᠠᠢ ᠶᠡᠬᠡ) ᠬᠤᠳᠠᠯᠳᠤᠭ᠎ᠠ ᠠᠷᠠᠯᠵᠢᠶ᠎ᠠ ᠲᠠᠢ ᠭᠠᠵᠠᠷ ᠬᠦᠷᠦᠭᠡᠳ ᠶᠡᠷᠡᠨ ᠶᠢᠰᠦᠨ ᠬᠤᠴᠠ ᠪᠠᠨ ᠪᠦᠭᠦᠳᠡ ᠶ᠋ᠢ ᠬᠢᠷᠭᠠᠵᠤ ᠂ ᠨᠣᠣᠰᠣ ᠦᠰᠦ ᠶ᠋ᠢ ᠨᠢ ᠬᠤᠳᠠᠯᠳᠤᠪᠠᠯ ᠵᠠᠭᠤᠨ ᠵᠦᠢᠯ ᠦ᠋ᠨ ᠪᠠᠷᠠᠭᠠᠨ ᠤ᠋ ᠵᠣᠭᠣᠰ ᠪᠢᠰᠢᠦ ? ᠲᠡᠭᠡᠪᠡᠯ ᠬᠤᠴᠠ ᠶ᠋ᠢᠨ ᠢ᠋ᠶ᠋ᠡᠨ ᠬᠣᠶᠠᠷ ᠡᠪᠡᠷ ᠢ᠋ ᠬᠢᠷᠥᠭᠡᠳᠡᠵᠦ ᠳᠠᠭᠠᠷᠢᠭᠠᠳ ᠬᠡᠯᠬᠢᠵᠦ ᠲᠣᠬᠣᠪᠠᠯ ᠡᠪᠲᠡᠢ ᠰᠠᠢᠬᠠᠨ ᠶᠠᠩᠭᠢᠷᠴᠠᠭ ( ᠠᠴᠢᠶᠠᠨ ᠤ᠋ ᠡᠮᠡᠭᠡᠯ ) ᠪᠢᠰᠢᠦ?
ᠲᠡᠭᠡᠭᠡᠳ ᠨᠠᠰᠢ ᠪᠤᠴᠠᠬᠤ ᠵᠠᠮ ᠳ᠋ᠠᠭᠠᠨ ᠬᠣᠨᠣᠬᠤ ᠭᠠᠵᠠᠷ ᠢ᠋ᠶ᠋ᠠᠨ ᠰᠠᠢᠨ ᠠᠵᠢᠵᠤ (ᠠᠵᠢᠭᠯᠠᠵᠤ) ᠶᠠᠪᠤ ᠂ ᠬᠡᠴᠡ(ᠨᠠᠯᠠᠤ) ᠭᠠᠵᠠᠷ ᠬᠦᠷᠦᠭᠡᠳ ᠬᠡᠪᠲᠡᠭᠦᠯᠵᠦ ᠬᠣᠨᠣᠬᠤ ᠬᠡᠷᠡᠭᠲᠡᠢ᠃ ᠬᠤᠴᠠ ᠪᠠᠨ ᠬᠡᠴᠡ ᠭᠠᠵᠠᠷ ᠬᠡᠪᠲᠡᠭᠦᠯᠪᠡᠯ ᠠᠴᠢᠶ᠎ᠠ ᠨᠢ ᠭᠠᠵᠠᠷ ᠲᠤ᠌ ᠲᠤᠯᠬᠤ ᠲᠤᠯᠠ ᠬᠤᠴᠠ ᠶ᠋ᠢᠨ ᠲᠡᠷᠡ ᠪᠡᠶ᠎ᠡ ᠨᠢ ᠠᠮᠠᠷᠠᠭᠠᠳ ᠠᠮᠵᠢᠨ᠎ᠠ ᠂ ᠨᠥᠭᠦᠭᠡ ᠪᠡᠶ᠎ᠡ ᠪᠡᠨ ᠬᠤᠴᠠ ᠥᠪᠡᠷ ᠢ᠋ᠶ᠋ᠡᠨ ᠤᠯᠠᠷᠢᠵᠤ ᠬᠡᠪᠲᠡᠭᠡᠳ ᠠᠮᠠᠷᠠᠭᠤᠯᠳᠠᠭ ᠶᠤᠮ ᠃ ᠵᠠ ᠦᠵᠡ ᠂ ᠠᠴᠢᠬᠤ ᠴᠦ᠍ ᠬᠡᠷᠡᠭ ᠦᠭᠡᠢ ᠂ ᠪᠠᠭᠤᠯᠭᠠᠬᠤ ᠴᠦ᠍ ᠬᠡᠷᠡᠭ ᠦᠭᠡᠢ ᠂ ᠶᠠᠭᠠᠬᠢᠭᠰᠠᠨ ᠰᠠᠢᠬᠠᠨ ᠠᠷᠭ᠎ᠠ ᠪᠠᠢᠨ᠎ᠠ ! ᠴᠢ ᠭᠡᠰᠡᠨ ᠬᠥᠮᠦᠨ ᠶᠠᠭᠠᠬᠢᠭᠰᠠᠨ ᠴᠦ᠍ ᠲᠡᠨᠡᠭ ᠶᠦᠮ ᠪᠣᠢ ? ᠭᠡᠵᠦ ᠵᠥᠪ ᠰᠠᠢᠬᠠᠨ ᠠᠷᠭ᠎ᠠ ᠨᠤᠭᠤᠳ ᠢ᠋ᠶ᠋ᠠᠨ ᠬᠡᠯᠡᠵᠦ ᠥᠭᠭᠦᠭᠡᠳ ᠪᠠᠰᠠ᠄
– ᠡᠨᠡ ᠠᠷᠭ᠎ᠠ ᠶ᠋ᠢ ᠨᠠᠮ᠎ᠠ ᠬᠡᠯᠡᠯ᠎ᠡ ᠭᠡᠵᠦ ᠬᠡᠨ ᠳ᠋ᠦ᠍ ᠴᠦ᠍ ᠪᠢᠲᠡᠭᠡᠢ ᠬᠡᠯᠡ ! ᠭᠡᠵᠦ ᠵᠠᠬᠢᠭᠠᠳ ᠶᠠᠪᠤᠵᠠᠢ᠃
ᠵᠠ ᠲᠡᠭᠡᠭᠡᠳ ᠠᠷᠪᠰᠠᠷ ᠬᠦᠦ ᠂ ᠬᠡᠦᠬᠡᠨ ᠦ᠌ ᠬᠡᠯᠡᠭᠰᠡᠨ ᠶᠣᠰᠣᠭᠠᠷ ᠶᠠᠪᠤᠭᠠᠳ ᠣᠯᠵᠠ ᠣᠮᠣᠭ ᠲᠠᠢ ᠬᠠᠷᠢᠭᠠᠳ ᠢᠷᠡᠵᠡᠢ᠃ ᠬᠣᠢᠲᠤ ᠮᠡᠷᠭᠡᠨ ᠲᠡᠮᠦᠨᠡ ᠡᠭᠦᠨ ᠢ᠋ ᠦᠵᠡᠮᠡᠭᠴᠡ᠄ ᠬᠦᠦ ᠶ᠋ᠢᠨ ᠤᠬᠠᠭᠠᠨ ᠪᠢᠰᠢ ᠂ ᠬᠥᠮᠦᠨ ᠦ᠌ ᠤᠬᠠᠭᠠᠨ ᠪᠠᠢᠨ᠎ᠠ ᠭᠡᠵᠦ ᠪᠣᠳᠣᠭᠠᠳ᠂ ᠬᠦᠦ ᠳ᠋ᠡᠭᠡᠨ ᠪᠠᠰᠠ ᠨᠢᠭᠡ ᠰᠠᠢᠨ ᠮᠣᠷᠢ ᠠᠪᠴᠢᠷᠠᠵᠤ ᠄
– ᠵᠠ ᠂ ᠴᠢ ᠡᠨᠡ ᠮᠣᠷᠢ ᠶ᠋ᠢ ᠤᠨᠤᠭᠠᠳ ᠪᠣᠷᠣ ᠮᠥᠷ (ᠢᠷᠡᠭᠰᠡᠨ ᠵᠠᠮ) ᠢ᠋ᠶ᠋ᠠᠷ ᠢ᠋ᠶ᠋ᠠᠨ ᠪᠤᠴᠠ ᠃ ᠲᠡᠭᠡᠭᠡᠳ ᠬᠠᠷᠢᠵᠤ ᠢᠷᠡᠬᠦ ᠳ᠋ᠡᠭᠡᠨ ᠡᠭᠦᠨ ᠢ᠋ ᠬᠣᠶᠠᠷ ᠮᠣᠷᠢ ᠪᠣᠯᠭᠠᠴᠢᠬᠠᠭᠠᠳ᠂ ᠨᠢᠭᠡ ᠶ᠋ᠢ ᠨᠢ ᠤᠷᠤᠭᠰᠢ ᠬᠠᠷᠠᠭᠤᠯᠵᠤ ᠨᠥᠭᠦᠭᠡ ᠶ᠋ᠢ ᠨᠢ ᠬᠣᠢᠰᠢ ᠬᠠᠷᠠᠭᠤᠯᠵᠤ ᠤᠨᠤᠭᠠᠳ ᠢᠷ᠎ᠡ! ᠭᠡᠵᠡᠢ᠃
ᠨᠢᠭᠡ ᠮᠣᠷᠢ ᠶ᠋ᠢ ᠬᠣᠶᠠᠷ ᠪᠣᠯᠭᠠᠵᠤ ᠲᠣᠯᠣᠭᠠᠢ ᠶ᠋ᠢ ᠨᠢ ᠤᠷᠤᠭᠰᠢ ᠬᠣᠢᠰᠢ ᠬᠠᠷᠠᠭᠤᠯᠤᠨ ᠤᠨᠤᠭᠠᠳ ᠢᠷᠡᠨ᠎ᠡ ᠭᠡᠳᠡᠭ ᠨᠢ ᠲᠡᠨᠡᠭ ᠬᠦᠦ ᠳ᠋ᠦ᠍ ᠪᠠᠢᠲᠤᠭᠠᠢ ᠮᠡᠷᠭᠡᠨ ᠬᠥᠮᠦᠨ ᠳ᠋ᠦ᠍ ᠴᠦ᠍ ᠬᠡᠴᠡᠭᠦᠦ ᠬᠡᠷᠡᠭ ᠪᠠᠢᠯ᠎ᠠ ᠭᠡᠨ᠎ᠡ ᠃ ᠠᠷᠠᠪᠰᠠᠷ ᠪᠠᠰᠠ ᠯᠠ ᠤᠢᠯᠠᠨ (ᠤᠬᠢᠯᠠᠨ)ᠤᠨᠵᠢᠨ ᠶᠠᠪᠤᠵᠤ ᠪᠠᠢᠭᠠᠳ ᠰᠠᠢᠬᠢ(ᠥᠨᠥᠬᠢ) ᠬᠡᠦᠬᠡᠨ ᠲᠡᠢ ᠬᠠᠷᠭᠤᠵᠠᠢ ᠃ ᠬᠡᠦᠬᠡᠨ ᠤᠴᠢᠷ ᠢ᠋ ᠮᠡᠳᠡᠭᠡᠳ ᠪᠠᠰᠠᠯᠠ ᠡᠯᠡᠭᠯᠡᠨ ᠢᠨᠢᠶᠡᠵᠦ᠄
– ᠴᠢ ᠡᠨᠡ ᠮᠣᠷᠢ ᠪᠠᠨ ᠬᠡᠭᠡᠯ ᠲᠡᠢ ᠭᠡᠭᠦᠦ ᠪᠡᠷ ᠰᠣᠯᠢᠴᠢᠬᠠᠪᠠᠯ ᠬᠣᠶᠠᠷ ᠪᠣᠯᠴᠢᠬᠤ ᠪᠢᠰᠢᠦ! ᠲᠡᠭᠡᠭᠡᠳ ᠲᠡᠷᠡ ᠭᠡᠭᠦᠦ ᠪᠡᠨ ᠤᠨᠤᠵᠤ ᠬᠠᠷᠢᠪᠠᠯ ᠡᠬᠡ ᠶ᠋ᠢᠨ ᠲᠣᠯᠣᠭᠠᠢ ᠨᠢ ᠤᠷᠤᠭᠰᠢ ᠬᠠᠷᠠᠵᠤ᠂ ᠤᠨᠠᠭ᠎ᠠ ᠶ᠋ᠢᠨ ᠲᠣᠯᠣᠭᠠᠢ ᠨᠢ ᠬᠣᠢᠰᠢ ᠬᠠᠷᠠᠵᠤ ᠪᠠᠢᠳᠠᠭ ᠶᠤᠮ ᠭᠡᠵᠡᠢ᠃
ᠲᠡᠨᠡᠭ ᠬᠦᠦ ᠬᠡᠭᠡᠯ ᠲᠡᠢ ᠭᠡᠭᠦᠦ ᠤᠨᠤᠭᠠᠳ ᠪᠠᠶᠠᠷ ᠬᠥᠷ ᠲᠡᠢ ᠪᠡᠷ ᠭᠡᠷ ᠲᠡᠭᠡᠨ ᠪᠤᠴᠠᠵᠤ ᠬᠦᠷᠬᠦ ᠳ᠋ᠦ᠍ ᠮᠡᠷᠭᠡᠨ ᠳᠡᠮᠨᠡ ᠪᠠᠰᠠᠯᠠ᠄ ᠬᠦᠦ ᠶ᠋ᠢᠨ ᠤᠬᠠᠭᠠᠨ ᠪᠢᠰᠢ ᠂ ᠬᠥᠮᠦᠨ ᠦ᠌ ᠤᠬᠠᠭᠠᠨ ᠪᠢᠵᠡ ᠭᠡᠵᠦ ᠪᠣᠳᠣᠭᠠᠳ᠂ ᠠᠷᠠᠪᠰᠠᠷ ᠠ᠋ᠴᠠ ᠭᠡᠨᠡᠳᠲᠡ ᠄
– ᠲᠡᠷᠡ ᠬᠡᠦᠬᠡᠨ ᠦ᠌ ᠨᠡᠷ᠎ᠡ ᠬᠡᠨ ? ᠬᠠᠮᠢᠭ᠎ᠠ ᠪᠣᠢ ? ᠭᠡᠬᠦ ᠳ᠋ᠦ᠍ ᠠᠷᠠᠪᠰᠠᠷ ᠄
– ᠨᠡᠷ᠎ᠡ ᠶ᠋ᠢ ᠨᠢ ᠰᠤᠷᠠᠭᠰᠠᠨ ᠦᠭᠡᠢ ᠂ ᠪᠠᠢᠭᠰᠠᠨ ᠭᠠᠵᠠᠷ ᠢ᠋ ᠨᠢ ᠮᠠᠷᠲᠠᠴᠢᠬᠠᠵᠠᠢ ᠭᠡᠵᠦ ᠨᠠᠭᠠᠳᠤᠬᠢ ᠨᠢ ᠰᠠᠢᠬᠢ ᠬᠡᠦᠬᠡᠨ ᠢ᠋ ᠰᠠᠨᠠᠮᠰᠠᠷ ᠦᠭᠡᠢ ᠪᠡᠷ ᠬᠡᠯᠡᠭᠡᠳ ᠥᠭᠴᠢᠬᠡᠵᠡᠢ᠃
ᠬᠣᠢᠲᠤ ᠮᠡᠷᠭᠡᠨ ᠲᠡᠮᠦᠨᠡ ᠬᠦᠦ ᠶ᠋ᠢᠨ ᠢ᠋ᠶ᠋ᠡᠨ ᠶᠠᠪᠤᠭᠰᠠᠨ ᠵᠦᠭ ᠢ᠋ ᠵᠦᠭᠯᠡᠵᠦ ᠂ ᠲᠡᠢᠮᠦ ᠨᠢᠭᠡᠨ ᠬᠡᠦᠬᠡᠨ ᠪᠠᠢᠬᠤ ᠡᠰᠡᠬᠦ ᠶ᠋ᠢ ᠰᠤᠷᠠᠭᠯᠠᠨ ᠶᠠᠪᠤᠵᠤ ᠭᠡᠨ᠎ᠡ ᠃ ᠶᠠᠪᠤᠵᠤ ᠪᠠᠢᠲᠠᠯ᠎ᠠ ᠵᠠᠮ ᠳᠡᠭᠡᠷ᠎ᠡ ᠨᠢ ᠨᠢᠭᠡ ᠬᠡᠦᠬᠡᠨ ᠴᠢᠯᠠᠭᠤᠨ ᠭᠡᠷ ᠪᠠᠷᠢᠨ ᠨᠠᠭᠠᠳᠴᠤ ᠪᠠᠢᠨ᠎ᠠ ᠭᠡᠨ᠎ᠡ᠃ ᠮᠡᠷᠭᠡᠨ ᠲᠡᠮᠦᠨᠡ ᠄
– ᠬᠡᠦᠬᠡ ᠠ᠋᠂ ᠭᠡᠷ ᠢ᠋ᠶ᠋ᠡᠨ ᠵᠠᠮ ᠠ᠋ᠴᠠ ᠵᠠᠢᠯᠠᠭᠤᠯᠵᠤ ᠪᠡᠷᠢ ! ᠭᠡᠵᠦ ᠬᠡᠯᠡᠬᠦ ᠳ᠋ᠦ᠍ ᠬᠡᠦᠬᠡᠨ ᠄
– ᠠᠬ᠎ᠠ ᠠ᠋ ᠂ ᠮᠣᠷᠢ ᠭᠡᠷ ᠡᠴᠡ ᠵᠠᠢᠯᠠᠳᠠᠭ ᠤᠤ? ᠭᠡᠷ ᠮᠣᠷᠢ ᠠ᠋ᠴᠠ ᠵᠠᠢᠯᠠᠳᠠᠭ ᠤᠤ? ᠭᠡᠵᠦ ᠭᠡᠳᠡᠷᠭᠦ ᠠᠰᠠᠭᠤᠴᠢᠬᠠᠭᠠᠳ ᠠᠵᠢᠭ ᠴᠦ᠍ ᠦᠭᠡᠢ ᠨᠠᠭᠠᠳᠤᠨ ᠰᠠᠭᠤᠵᠤ ᠭᠡᠨ᠎ᠡ᠃ ᠬᠡᠯᠡ ᠠᠮᠠᠨ ᠳ᠋ᠤ᠌ ᠣᠷᠣᠭᠰᠠᠨ ᠠ᠋ᠴᠠ ᠪᠠᠨ ᠬᠡᠨ ᠳ᠋ᠦ᠍ ᠴᠦ᠍ ᠭᠡᠳ ᠭᠠᠷᠳᠠᠭᠳᠠᠵᠤ ᠦᠵᠡᠭᠡ ᠦᠭᠡᠢ ᠬᠣᠢᠲᠤ ᠮᠡᠷᠭᠡᠨ ᠲᠡᠮᠦᠨᠡ ᠂ ᠥᠨᠥᠳᠥᠷ ᠬᠠᠷᠢᠨ ᠰᠠᠨᠠᠮᠰᠠᠷ ᠦᠭᠡᠢ ᠪᠡᠷ ᠡᠢᠮᠦ ᠨᠢᠭᠡᠨ ᠵᠢᠭᠠᠬᠠᠨ ᠬᠡᠦᠬᠡᠨ ᠳ᠋ᠦ᠍ ᠠᠪᠤᠨ ᠳᠣᠣᠷ᠎ᠠ ᠪᠠᠨ ᠲᠠᠭᠯᠠᠭᠳᠠᠭᠠᠳ᠂ ᠠᠷᠭ᠎ᠠ ᠬᠤᠷᠭ᠎ᠠ ᠪᠠᠨ ᠪᠠᠷᠠᠭᠰᠠᠨ ᠪᠣᠯᠪᠠᠴᠤ ᠳᠠᠬᠢᠵᠤ ᠢᠷᠡᠬᠦ ᠳ᠋ᠡᠭᠡᠨ ᠮᠤᠬᠤᠯᠠᠭᠠᠳ ᠤᠷᠭᠢᠶ᠎ᠠ ᠭᠡᠵᠦ ᠪᠣᠳᠣᠵᠠᠢ᠃ ᠳᠠᠷᠠᠭ᠎ᠠ ᠵᠢᠯ ᠦ᠋ᠨ ᠬᠢᠨᠢ ᠨᠢᠭᠡᠨ ᠰᠢᠷ ᠰᠢᠷ ᠭᠡᠰᠡᠨ ᠨᠢᠮᠲᠠᠷ (ᠵᠥᠭᠡᠯᠡᠨ) ᠪᠣᠷᠣᠭᠠᠨ ᠲᠠᠢ ᠡᠳᠦᠷ ᠮᠡᠷᠭᠡᠨ ᠲᠡᠮᠦᠨᠡ ᠰᠠᠢᠬᠢ ᠬᠡᠦᠬᠡᠨ ᠢ᠋ ᠬᠠᠢᠵᠤ ᠬᠦᠷᠬᠦ ᠳ᠋ᠦ᠍᠂ ᠬᠡᠦᠬᠡᠨ ᠮᠠᠯ ᠤ᠋ᠨ ᠢ᠋ᠶ᠋ᠠᠨ ᠵᠠᠬ᠎ᠠ ᠳ᠋ᠤ᠌ ᠲᠡᠭᠦᠭᠰᠡᠨ ᠠᠷᠭᠠᠰᠤ (ᠠᠷᠭᠠᠯ) ᠢ᠋ᠶ᠋ᠠᠨ ᠬᠣᠷᠮᠣᠢ ᠪᠠᠷ ᠢ᠋ᠶ᠋ᠠᠨ ᠬᠤᠴᠢᠭᠠᠳ ᠥᠷᠮᠥᠭ ( ᠪᠦᠳᠦᠭᠦᠯᠢᠭ ᠨᠡᠬᠡᠮᠡᠯ ) ᠣᠢᠮᠣᠰᠤ ᠨᠡᠬᠡᠨ ᠰᠠᠭᠤᠵᠤ ᠪᠠᠢᠪᠠ ᠭᠡᠨ᠎ᠡ᠃ ᠮᠡᠷᠭᠡᠨ ᠲᠡᠮᠦᠨᠡ ᠄
– ᠬᠥᠶᠢ ᠂ ᠬᠡᠦᠬᠡ ᠠ᠋ ᠂ ᠬᠣᠷᠮᠣᠢ ᠴᠢᠨᠢ ᠬᠤᠷ᠎ᠠ ᠳ᠋ᠤ᠌ ᠳᠡᠪᠲᠦᠪᠡ ! ᠭᠡᠬᠦ ᠳ᠋ᠦ᠍ ᠬᠡᠦᠬᠡᠨ ᠄
– ᠬᠣᠷᠮᠣᠢ ᠳᠡᠪᠲᠦᠪᠡᠴᠦ ᠠᠷᠭᠠᠰᠤ ᠬᠠᠭᠤᠷᠠᠢ ᠪᠠᠢᠪᠠᠯ ᠂ ᠬᠠᠷᠢᠵᠤ ᠬᠦᠷᠦᠭᠡᠳ ᠭᠠᠯ ᠢ᠋ᠶ᠋ᠠᠨ ᠲᠦᠯᠡᠵᠦ ᠴᠠᠢ ᠪᠠᠨ ᠴᠢᠨᠠᠬᠤ ᠵᠠᠪᠰᠠᠷ ᠬᠣᠷᠮᠣᠢ ᠴᠤ᠌ ᠬᠠᠲᠠᠴᠢᠬᠤ ᠪᠢᠰᠢᠦ ! ᠭᠡᠵᠦ ᠬᠠᠷᠢᠭᠤᠯᠵᠤ ᠭᠡᠨ᠎ᠡ᠃ ᠮᠡᠷᠭᠡᠨ ᠲᠡᠮᠦᠨᠡ ᠄
– ᠬᠡᠦᠬᠡ ᠠ᠋ ᠂ ᠴᠢ ᠡᠨᠡ ᠣᠢᠮᠣᠰᠤ ᠪᠠᠨ ᠡᠬᠢᠯᠡᠵᠦ ᠨᠡᠬᠡᠭᠡᠳ ᠣᠳᠣ ᠪᠣᠯᠲᠠᠯ᠎ᠠ ᠬᠡᠳᠦᠨ ᠠᠷᠬᠠᠭ( ᠭᠣᠭᠴᠣᠭ᠎ᠠ ) ᠭᠣᠭᠴᠣᠭᠠᠯᠠᠪᠠ? ᠭᠡᠵᠦ ᠠᠰᠠᠭᠤᠭᠰᠠᠨ ᠳ᠋ᠤ᠌ ᠬᠡᠦᠬᠡᠨ ᠄
– ᠠᠬ᠎ᠠ ᠠ᠋ ᠂ ᠲᠠᠨ ᠤ᠋ ᠮᠣᠷᠢ ᠭᠡᠷ ᠡᠴᠡ ᠪᠡᠨ ᠭᠠᠷᠤᠭᠠᠳ ᠡᠨᠳᠡ ᠢᠷᠡᠲᠡᠯ᠎ᠡ ᠬᠡᠳᠦ ᠠᠯᠬᠤᠪᠠ ? ᠭᠡᠵᠦ ᠭᠡᠳᠡᠷᠭᠦ ᠠᠰᠠᠭᠤᠭᠰᠠᠨ ᠭᠡᠨ᠎ᠡ ᠃ ᠮᠡᠷᠭᠡᠨ ᠲᠡᠮᠦᠨᠡ ᠄ ᠵᠠ ᠂ ᠡᠨᠡ ᠴᠦ᠍ ᠨᠢᠭᠡ ᠵᠦᠭᠡᠷ ᠬᠡᠦᠬᠡᠳ ᠪᠢᠰᠢ ᠪᠠᠢᠨ᠎ᠠ᠂ ᠲᠡᠨᠡᠭ ᠬᠦᠦ ᠳ᠋ᠦ᠍ ᠮᠢᠨᠢ ᠡᠢᠮᠦ ᠨᠢᠭᠡ ᠪᠡᠷᠢ ᠣᠯᠳᠠᠪᠠᠯ ᠰᠠᠶᠢ ᠭᠠᠯ ᠭᠣᠯᠣᠮᠲᠠ ᠮᠢᠨᠢ ᠲᠠᠰᠤᠷᠠᠬᠤ ᠦᠭᠡᠢ ᠪᠠᠢᠬ᠎ᠠ ᠭᠡᠵᠦ ᠪᠣᠳᠣᠵᠠᠢ ᠃ ᠡᠨᠡ ᠬᠡᠦᠬᠡᠨ ᠪᠣᠯ ᠶᠠᠭ ᠠᠷᠠᠪᠰᠠᠷ ᠲᠤ᠌ ᠠᠷᠭ᠎ᠠ ᠤᠬᠠᠭ᠎ᠠ ᠬᠡᠯᠡᠵᠦ ᠥᠭᠳᠡᠭ ᠲᠡᠷᠡ ᠬᠡᠦᠬᠡᠨ ᠮᠥᠨ ᠪᠠᠢᠵᠠᠢ ᠃ ᠤᠷᠠᠨ ᠰᠠᠨᠠᠭ᠎ᠠ ᠲᠠᠢ ᠂ ᠨᠠᠷᠢᠨ ᠤᠬᠠᠭᠠᠨ ᠲᠠᠢ ᠮᠡᠷᠭᠡᠨ ᠲᠡᠮᠦᠨᠡ ᠦᠷᠭᠦᠯᠵᠢᠯᠡᠨ ᠡᠨᠡ ᠬᠡᠦᠬᠡᠨ ᠢ᠋ ᠲᠡᠩᠰᠡᠵᠦ ᠄
– ᠵᠠ᠂ ᠪᠢ ᠮᠠᠩᠭᠠᠳᠤᠷ (ᠮᠠᠷᠭᠠᠰᠢ) ᠳᠠᠬᠢᠨ ᠢᠷᠡᠬᠦ ᠳ᠋ᠦ᠍ ᠴᠢ ᠦᠨᠡᠰᠦ ᠪᠡᠷ ᠳᠡᠭᠡᠰᠦ ᠲᠠᠮᠤᠭᠠᠳ ᠲᠠᠯᠪᠢᠵᠤ ᠪᠠᠢ ᠭᠡᠵᠦ ᠬᠡᠯᠡᠵᠡᠢ᠃ ᠬᠡᠦᠬᠡᠨ ᠄
– ᠵᠠ ᠵᠠ᠂ ᠲᠠᠮᠤᠵᠤ ᠳᠠᠪᠢᠬᠤ (ᠲᠠᠯᠪᠢᠬᠤ) ᠶ᠋ᠢ ᠪᠢ ᠮᠡᠳᠡᠶ᠎ᠡ᠂ᠡᠪᠬᠡᠵᠦ ᠠᠪᠬᠤ ᠶ᠋ᠢ ᠨᠢ ᠲᠠ ᠮᠡᠳᠡ᠂ ᠪᠣᠯᠤᠨ᠎ᠠ ᠤᠤ? ᠭᠡᠬᠦ ᠳ᠋ᠦ᠍᠂ ᠮᠡᠷᠭᠡᠨ ᠲᠡᠮᠦᠨᠡ᠄ ᠪᠣᠯᠤᠨ᠎ᠠ ᠭᠡᠳ ᠶᠠᠪᠤᠵᠠᠢ᠃ ᠲᠡᠭᠦᠨ ᠢ᠋ ᠶᠠᠪᠤᠮᠠᠭᠴᠠ ᠬᠡᠦᠬᠡᠨ ᠡᠪᠡᠰᠦ ᠪᠡᠷ ᠨᠢᠭᠡ ᠳᠡᠭᠡᠰᠦ ᠲᠠᠮᠤᠭᠠᠳ᠂ ᠮᠠᠩᠭᠠᠳᠤᠷ (ᠮᠠᠷᠭᠠᠰᠢ) ᠨᠢ ᠨᠢᠭᠡᠨ ᠦᠵᠦᠭᠦᠷ ᠡᠴᠡ ᠨᠢ ᠭᠠᠯᠳᠠᠵᠤ ᠣᠷᠬᠢᠴᠢᠬᠠᠭᠠᠳ ᠰᠠᠭᠤᠵᠤ ᠪᠠᠢᠵᠠᠢ᠃ ᠲᠡᠭᠡᠭᠡᠳ ᠬᠣᠢᠲᠤ ᠮᠡᠷᠭᠡᠨ ᠲᠡᠮᠦᠨᠡ ᠬᠦᠷᠴᠦ ᠢᠷᠡᠬᠦ ᠳ᠋ᠦ᠍ ᠬᠡᠦᠬᠡᠨ ᠦᠨᠡᠰᠦᠨ ᠳᠡᠭᠡᠰᠦ ᠪᠡᠨ ᠵᠠᠩᠭᠠᠭᠠᠳ (ᠵᠢᠭᠠᠭᠠᠳ) ᠄
– ᠳᠡᠭᠡᠰᠦ ᠲᠡᠷᠡ ᠪᠠᠢᠨ᠎ᠠ ᠂ ᠡᠦᠲᠦ ᠲᠠ ᠡᠪᠬᠡᠵᠦ ᠠᠪ ᠳᠠ ᠭᠡᠵᠦ ᠭᠡᠨ᠎ᠡ ᠃ ᠮᠡᠷᠭᠡᠨ ᠲᠡᠮᠦᠨᠡ ᠠᠷᠭ᠎ᠠ ᠦᠭᠡᠢ ᠪᠣᠯᠬᠤ ᠳ᠋ᠠᠭᠠᠨ ᠄
– ᠦᠨᠡᠬᠡᠷ ᠲᠡᠢᠮᠦ ᠰᠦᠷᠡᠬᠡᠢ ᠪᠣᠯ ᠮᠠᠩᠭᠠᠳᠤᠷ ᠨᠠᠳᠠᠳᠤ ᠡᠷ᠎ᠡ ᠦᠬᠡᠷ ᠦ᠋ᠨ ᠦᠰᠥ᠋ (ᠰᠦ ) ᠪᠡᠷ ᠲᠠᠷᠠᠭ ᠪᠦᠷᠢᠭᠡᠳ ᠲᠠᠯᠪᠢᠵᠤ ᠪᠠᠢ ᠭᠡᠬᠦ ᠳ᠋ᠦ᠍᠂ ᠬᠡᠦᠬᠡᠨ ᠪᠠᠰᠠ᠄
– ᠵᠠ᠃ ᠭᠡᠵᠦ ᠠᠵᠢᠭ ᠴᠤ᠌ ᠦᠭᠡᠢ ᠬᠡᠯᠡᠵᠦ ᠭᠡᠨ᠎ᠡ᠃ ᠮᠠᠩᠭᠠᠳᠤᠷ ᠨᠢ ᠬᠣᠢᠲᠤ ᠮᠡᠷᠭᠡᠨ ᠲᠡᠮᠦᠨᠡ ᠬᠦᠷᠴᠦ ᠢᠷᠡᠬᠦ ᠳ᠋ᠦ᠍ ᠬᠡᠦᠬᠡᠨ ᠭᠡᠷ ᠦ᠋ᠨ ᠢᠷᠬᠢ ᠪᠠᠬᠢᠰ (ᠬᠠᠶᠠᠭ᠎ᠠ ) ᠪᠠᠨ ᠳᠠᠷᠤᠨ ᠪᠢᠲᠡᠭᠦᠯᠡᠵᠦ᠂ ᠭᠡᠷ ᠡᠴᠡ ᠪᠡᠨ ᠴᠢᠯᠠᠭᠤᠨ ᠲᠡᠭᠡᠷᠮ᠎ᠡ ᠮᠡᠲᠦ ᠶ᠋ᠢᠨ ᠬᠦᠨᠳᠦ ᠶᠠᠭᠤᠮ᠎ᠠ ᠭᠠᠳᠠᠭᠰᠢ ᠵᠥᠭᠡᠭᠡᠭᠡᠳ ᠶᠡᠬᠡ ᠶᠠᠭᠠᠷᠠᠵᠤ ᠪᠠᠢᠭᠰᠠᠨ ᠢ᠋ᠶ᠋ᠠᠨ᠂ ᠮᠡᠷᠭᠡᠨ ᠲᠡᠮᠦᠨᠡ ᠶ᠋ᠢ ᠦᠵᠡᠭᠡᠳ ᠡᠮᠦᠨ᠎ᠡ ᠡᠴᠡ ᠨᠢ ᠲᠣᠰᠣᠨ ᠬᠦᠷᠴᠦ᠄
– ᠥᠨᠥᠳᠥᠷ ᠮᠠᠨ ᠤ᠋ ᠳ᠋ᠤ᠌ ᠬᠥᠯ ᠴᠡᠭᠡᠷ ᠲᠡᠢ᠂ ᠲᠠ ᠪᠢᠲᠡᠭᠡᠢ ᠢᠷ᠎ᠡ ᠭᠡᠵᠦ ᠭᠡᠨ᠎ᠡ᠃
– ᠡᠬᠡ ᠴᠢᠨᠢ ᠬᠥᠩᠭᠡᠵᠢᠪᠡ ᠤᠤ? ᠭᠡᠵᠦ ᠠᠰᠠᠭᠤᠬᠤ ᠳ᠋ᠤ᠌ ᠄
– ᠠᠪᠤ ᠬᠥᠩᠭᠡᠵᠢᠵᠦ ᠪᠠᠢᠨ᠎ᠠ ᠭᠡᠵᠦ ᠭᠡᠨ᠎ᠡ᠃
– ᠡᠷ᠎ᠡ ᠬᠥᠮᠦᠨ ᠡᠴᠡ ᠬᠡᠦᠬᠡᠦᠰ ᠭᠠᠷᠤᠨ᠎ᠠ ᠭᠡᠵᠦ ᠪᠠᠢᠳᠠᠭ ᠤᠤ ? ᠭᠡᠵᠦ ᠠᠰᠠᠭᠤᠬᠤ ᠳ᠋ᠤᠨᠢ ᠄
– ᠲᠡᠭᠡᠪᠡᠯ ᠡᠷ᠎ᠡ ᠦᠬᠡᠷ ᠡᠴᠡ ᠦᠰᠥ᠋ (ᠰᠦ)ᠭᠠᠷᠤᠨ᠎ᠠ ᠭᠡᠵᠦ ᠪᠠᠢᠳᠠᠭ ᠤᠤ? ᠭᠡᠵᠦ ᠭᠡᠳᠡᠷᠭᠦ ᠠᠰᠠᠭᠤᠵᠤ ᠭᠡᠨ᠎ᠡ᠃ ᠮᠡᠷᠭᠡᠨ ᠲᠡᠮᠦᠨᠡ᠄ ᠡᠨᠡ ᠬᠡᠦᠬᠡᠨ ᠢ ᠪᠠᠴᠢᠮ ᠰᠣᠴᠢᠮ ᠦᠭᠡ ᠪᠡᠷ ᠨᠢᠭᠡ ᠴᠢᠳᠠᠬᠤ ᠦᠭᠡᠢ ᠪᠣᠯ ᠪᠣᠯᠳᠠᠭ ᠨᠢ ᠪᠢᠰᠢ ᠶᠦ᠍ᠮ ᠪᠠᠢᠨ᠎ᠠ ᠭᠡᠵᠦ ᠪᠣᠳᠣᠭᠠᠳ᠄
– ᠦᠭᠡᠢ᠂ ᠴᠢ ᠶᠠᠭᠠᠬᠢᠭᠠᠳ ᠠᠰᠠᠭᠤᠭᠰᠠᠨ ᠢ᠋ ᠠᠰᠠᠭᠤᠬᠤ ᠪᠠᠷ ᠬᠠᠷᠢᠭᠤᠯᠳᠠᠭ ᠪᠣᠢ? ᠭᠡᠬᠦ ᠳ᠋ᠦ᠍᠄
– ᠶᠠᠭᠠᠬᠢᠭᠠᠳ ᠪᠣᠯᠳᠠᠭ ᠦᠭᠡᠢ ᠪᠣᠢ? ᠭᠡᠵᠦ ᠬᠠᠷᠢᠭᠤᠯᠤᠭᠰᠠᠨ ᠭᠡᠨ᠎ᠡ ᠃ ᠬᠣᠢᠲᠤ ᠮᠡᠷᠭᠡᠨ ᠲᠡᠮᠦᠨᠡ ᠡᠨᠡ ᠬᠡᠦᠬᠡᠨ ᠢ᠋ ᠲᠡᠩᠰᠡᠵᠦ ᠳᠠᠭᠤᠰᠤᠭᠠᠳ ᠶᠡᠬᠡᠪᠡᠷ ᠲᠣᠭᠣᠵᠤ᠂ ᠭᠡᠷ ᠲᠡᠭᠡᠨ ᠳᠠᠭᠠᠭᠤᠯᠵᠤ ᠬᠦᠷᠦᠭᠡᠳ ᠬᠦᠦ ᠡᠴᠡ ᠪᠡᠨ᠄
– ᠴᠢᠮᠠᠲᠤ ᠠᠷᠭ᠎ᠠ ᠤᠬᠠᠭ᠎ᠠ ᠬᠡᠯᠡᠵᠦ ᠦᠭᠭᠦᠭᠰᠡᠨ ᠬᠡᠦᠬᠡᠨ ᠡᠨᠡ ᠮᠥᠨ ᠤᠤ? ᠭᠡᠬᠦ ᠳ᠋ᠦ᠍ ᠠᠷᠠᠪᠰᠠᠷ ᠲᠠᠨᠢᠭᠰᠠᠨ ᠦᠭᠡᠢ ᠭᠡᠨ᠎ᠡ᠃ ᠲᠡᠭᠡᠭᠡᠳ ᠬᠡᠦᠬᠡᠨ ᠦ᠌ ᠨᠤᠲᠤᠭ ᠤᠰᠤ᠂ ᠨᠡᠷ᠎ᠡ ᠨᠠᠰᠤ ᠶ᠋ᠢ ᠨᠢ ᠰᠤᠷᠠᠵᠤ ᠠᠪᠤᠭᠠᠳ ᠪᠤᠴᠠᠭᠠᠵᠤ ᠭᠡᠨ᠎ᠡ᠃ ᠡᠨᠡ ᠬᠡᠦᠬᠡᠨ ᠦ᠌ ᠠᠪᠤ ᠨᠢ ᠶᠠᠭ ᠲᠡᠷᠡ ᠨᠤᠲᠤᠭ ᠤ᠋ᠨ ᠢ᠋ᠶ᠋ᠠᠨ ᠨᠣᠶᠠᠨ ᠨᠢ ᠪᠠᠢᠭᠰᠠᠨ ᠶᠤᠮ ᠪᠠᠢᠵᠠᠢ ᠃ ᠳᠣᠯᠣᠭᠠᠨ ᠬᠣᠨᠣᠭ ᠤ᠋ᠨ ᠳᠠᠷᠠᠭ᠎ᠠ ᠮᠡᠷᠭᠡᠨ ᠲᠡᠮᠦᠨᠡ ᠲᠡᠷᠡ ᠨᠣᠶᠠᠨ ᠤ᠋ ᠭᠡᠷ ᠲᠦ᠍ ᠬᠦᠷᠦᠭᠡᠳ᠄
ᠮᠣᠯᠴᠣᠭ ᠴᠠᠭᠠᠨ ᠪᠤᠢᠯᠠ ᠲᠠᠢ ᠪᠤᠤᠷ᠎ᠠ ᠶ᠋ᠢᠨ
ᠮᠣᠨᠴᠣᠭ ᠬᠣᠶᠠᠷ ᠪᠦᠬᠦ ᠲᠡᠢ ᠢᠩᠭᠡ ᠶ᠋ᠢᠨ
ᠮᠤᠤᠰᠢ (ᠮᠠᠭᠤ ᠪᠢᠰᠢ) ᠣᠯᠠᠨ ᠲᠣᠷᠣᠮ ᠤ᠋ᠨ ᠤᠤᠭᠠᠨ
ᠬᠠᠵᠠᠭᠤ ᠳ᠋ᠤᠨᠢ ᠲᠡᠷᠡᠮ( ᠬᠠᠨ᠎ᠠ ) ᠬᠦᠷᠭᠡᠵᠦ ᠦᠵᠡᠭᠡ ᠦᠭᠡᠢ
ᠬᠠᠮᠠᠷ ᠲᠤᠨᠢ ᠪᠤᠢᠯᠠ ᠬᠦᠷᠭᠡᠵᠦ ᠦᠵᠡᠭᠡ ᠦᠭᠡᠢ
ᠬᠠᠵᠢᠭ ᠤᠯᠠᠭᠠᠨ ᠢᠩᠭᠡᠨ ᠢ᠋ ᠰᠤᠷᠠᠵᠤ ᠶᠠᠪᠤᠨ᠎ᠠ ᠦᠵᠡᠪᠡᠦ? ᠭᠡᠬᠦ ᠳ᠋ᠦ᠍ ᠂ ᠨᠣᠶᠠᠨ ᠤ᠋ ᠭᠢᠰ (ᠬᠢᠨ) ᠤᠴᠢᠷ ᠤᠬᠠᠭᠠᠨ ᠢ᠋ ᠣᠯᠵᠤ ᠲᠠᠢᠯᠵᠤ ᠶᠠᠳᠠᠭᠠᠳ ᠳᠣᠯᠣᠭ᠎ᠠ ᠬᠣᠨᠣᠪᠠ ᠭᠡᠨ᠎ᠡ᠃ ᠳᠠᠬᠢᠭᠠᠳ᠄
ᠲᠡᠮᠡᠭᠡ ᠬᠥᠲᠥᠯᠳᠡᠭ ᠨᠢ ᠲᠠᠨ ᠤ᠋ ᠳ᠋ᠤ᠌ ᠪᠠᠢᠨ᠎ᠠ
ᠳᠠᠩ ᠡᠷᠭᠦᠳᠡᠭ ᠨᠢ ᠮᠠᠨ ᠤ᠋ ᠳ᠋ᠤ᠌ ᠪᠠᠢᠨ᠎ᠠ ①
ᠴᠠᠯᠮ᠎ᠠ ᠶ᠋ᠢᠨ ᠰᠠᠢᠨ ᠢ᠋ᠶ᠋ᠠᠷ ᠮᠣᠷᠢ ᠲᠣᠭᠲᠠᠭᠠᠳᠠᠭ
ᠰᠡᠯᠡᠮ᠎ᠡ ᠶ᠋ᠢᠨ ᠰᠠᠢᠨ ᠢ᠋ᠶ᠋ᠠᠷ ᠲᠥᠷᠥ ᠲᠣᠭᠲᠠᠭᠠᠳᠠᠭ
ᠴᠠᠭ ᠢ᠋ᠶ᠋ᠠᠷ ᠨᠡᠢᠯᠡᠵᠦ ᠭᠡᠷ ᠪᠠᠷᠢᠳᠠᠭ
ᠴᠠᠪᠠ ᠪᠠᠷ ᠨᠡᠢᠯᠡᠵᠦ ᠵᠠᠭᠤ ᠬᠦᠷᠳᠡᠭ ② ᠭᠡᠬᠦ ᠳ᠋ᠦ᠍ ᠪᠠᠰᠠ ᠲᠠᠢᠯᠵᠤ ᠴᠢᠳᠠᠭᠰᠠᠨ ᠦᠭᠡᠢ ᠳᠣᠯᠣᠭ᠎ᠠ ᠬᠣᠨᠣᠵᠤ ᠭᠡᠨ᠎ᠡ ᠃ ᠢᠩᠭᠢᠵᠦ ᠶᠠᠳᠠᠷᠠᠵᠤ ᠪᠠᠢᠬᠤ ᠳ᠋ᠤ᠌ ᠬᠡᠦᠬᠡᠨ ᠨᠢ ᠭᠠᠷᠴᠤ ᠢᠷᠡᠭᠡᠳ ᠄
–《 ᠮᠣᠯᠴᠣᠭ ᠴᠠᠭᠠᠨ ᠪᠤᠢᠯᠠ ᠲᠠᠢ ᠪᠤᠤᠷ᠎ᠠ 》ᠭᠡᠵᠦ ᠮᠥᠩᠭᠥᠨ ᠭᠠᠩᠰᠠ ᠲᠠᠢ ᠠᠪᠤ ᠶ᠋ᠢ ᠬᠡᠯᠡᠵᠦ ᠪᠠᠢᠨ᠎ᠠ ᠂《ᠮᠣᠨᠴᠣᠭ ᠬᠣᠶᠠᠷ ᠪᠦᠬᠦ ᠲᠡᠢ ᠢᠩᠭᠡ 》ᠭᠡᠵᠦ ᠡᠬᠡ ᠶ᠋ᠢ ᠬᠡᠯᠡᠵᠦ ᠪᠠᠢᠨ᠎ᠠ ᠂《ᠮᠤᠤᠰᠢ ᠣᠯᠠᠨ ᠲᠣᠷᠣᠮ 》ᠭᠡᠳᠡᠭ ᠨᠢ ᠳᠡᠭᠦᠦ ᠨᠠᠷ ᠢ᠋ ᠬᠡᠯᠡᠵᠦ ᠪᠠᠢᠨ᠎ᠠ ᠂《ᠬᠠᠵᠠᠭᠤ ᠳ᠋ᠤᠨᠢ ᠲᠠᠷᠠᠮ (ᠬᠠᠨ᠎ᠠ) ᠭᠥᠷᠬᠡᠭᠡ ᠦᠭᠡᠢ ᠂ ᠬᠠᠮᠠᠷ ᠲᠤᠨᠢ ᠪᠤᠢᠯᠠ ᠬᠦᠷᠭᠡᠭᠡ ᠦᠭᠡᠢ ᠬᠠᠵᠢᠭ ᠤᠯᠠᠭᠠᠨ ᠢᠩᠭᠡᠨ 》ᠭᠡᠵᠦ ᠨᠠᠮᠠᠶ᠋ᠢ ᠬᠡᠯᠡᠵᠦ ᠪᠠᠢᠨ᠎ᠠ᠃ ᠡᠨᠡ ᠬᠥᠮᠦᠨ ᠬᠣᠲᠠ ᠤᠷᠤᠭ ᠪᠣᠯᠤᠶ᠎ᠠ ᠭᠡᠵᠦ ᠨᠠᠮᠠᠶ᠋ᠢ ᠠᠪᠬᠤ ᠪᠠᠷ ᠢᠷᠡᠭᠰᠡᠨ ᠶᠦᠮ ᠪᠠᠢᠨ᠎ᠠ ᠭᠡᠵᠦ ᠲᠠᠢᠯᠪᠠ ᠭᠡᠨ᠎ᠡ ᠃ ᠵᠠ ᠲᠡᠭᠡᠭᠡᠳ
ᠳᠠᠯᠠᠢ ᠶᠡᠬᠡ ᠪᠠᠶᠠᠷ ᠪᠣᠯᠪᠠ ᠭᠡᠨ᠎ᠡ
ᠳᠠᠯᠠᠨ ᠡᠳᠦᠷ ᠦ᠋ᠨ ᠨᠠᠢᠷ ᠪᠣᠯᠪᠠ ᠭᠡᠨ᠎ᠡ
ᠳᠡᠯᠭᠡᠷ ᠪᠠᠶᠠᠨ ᠬᠤᠷᠢᠮ ᠪᠣᠯᠪᠠ ᠭᠡᠨ᠎ᠡ
ᠳᠡᠯᠡᠬᠡᠢ ᠶᠡᠬᠡ ᠬᠥᠯ ᠪᠣᠯᠪᠠ ᠭᠡᠨ᠎ᠡ ᠃
ᠲᠡᠨᠳᠡ ᠡᠴᠡ ᠪᠡᠨ ᠬᠣᠢᠲᠤ ᠮᠡᠷᠭᠡᠨ ᠲᠡᠮᠦᠨᠡ ᠪᠡᠷᠢ ᠪᠡᠨ ᠠᠪᠤᠭᠠᠳ ᠭᠡᠷ ᠲᠡᠭᠡᠨ ᠪᠤᠴᠠᠵᠤ ᠢᠷᠡᠪᠡ ᠭᠡᠨ᠎ᠡ᠃
ᠪᠡᠷᠢ ᠪᠡᠨ ᠠᠪᠴᠢᠷᠠᠭᠠᠳ ᠬᠠᠳᠠᠮ ᠲᠠᠯ᠎ᠠ ᠶ᠋ᠢᠨ ᠰᠠᠬᠢᠯ ᠭᠣᠷᠢᠮ (ᠴᠡᠭᠡᠷ) ᠢ᠋ ᠶᠠᠮᠠᠷ ᠵᠡᠷᠭᠡ ᠰᠠᠬᠢᠵᠤ ᠪᠠᠢᠬᠤ ᠶ᠋ᠢ ᠨᠢ ᠰᠢᠯᠭᠠᠬᠤ ᠶ᠋ᠢᠨ ᠲᠥᠯᠥᠭᠡ ᠮᠡᠷᠭᠡᠨ ᠲᠡᠮᠦᠨᠡ ᠬᠡᠴᠡᠭᠦᠦ ᠲᠦᠪᠡᠭ ᠲᠡᠢ ᠤᠷᠠᠨ ᠰᠡᠴᠡᠨ ᠠᠷᠭ᠎ᠠ ᠪᠠᠷ ᠲᠡᠩᠰᠡᠵᠦ ᠭᠡᠨ᠎ᠡ᠃
– ᠣᠷᠴᠢᠯᠠᠩ ᠤ᠋ᠨ ᠤᠰᠤᠨ ᠂ ᠮᠣᠳᠣᠨ ᠂ ᠮᠠᠯ ᠂ ᠠᠷᠢᠶᠠᠲᠠᠨ ᠤ᠋ ᠨᠡᠷ᠎ᠡ ᠳ᠋ᠦ᠍ ᠪᠦᠷ ᠴᠢᠨᠦ ᠬᠠᠳᠠᠮ ᠳᠡᠭᠡᠳᠦ ᠶ᠋ᠢᠨ ᠨᠡᠷ᠎ᠡ ᠪᠠᠢᠨ᠎ᠠ ᠂ ᠴᠢ ᠲᠡᠷᠡ ᠪᠦᠬᠦᠨ ᠦ᠌ ᠨᠡᠷ᠎ᠡ ᠶ᠋ᠢ ᠬᠡᠯᠡᠬᠦ ᠡᠴᠡ ᠴᠡᠭᠡᠷᠯᠡᠬᠦ ᠬᠡᠷᠡᠭᠲᠡᠢ ᠭᠡᠵᠦ ᠲᠤᠰᠢᠶᠠᠵᠠᠢ᠃ ᠲᠡᠭᠡᠭᠡᠳ ᠨᠢᠭᠡ ᠡᠳᠦᠷ ᠨᠢᠭᠡ ᠮᠠᠭᠤ ᠳᠠᠷᠳᠠᠭᠠᠷ ᠡᠪᠡᠷ ᠲᠡᠢ ᠬᠥᠭᠰᠢᠨ ᠬᠠᠯᠵᠠᠨ ᠬᠤᠴᠠ ᠪᠠᠨ ᠬᠡᠷᠡᠭ ᠢ᠋ᠶ᠋ᠡᠷ (ᠵᠣᠷᠢᠭᠤᠳᠠ) ᠬᠡᠭᠡᠷ᠎ᠡ ᠣᠷᠬᠢᠵᠤ ᠢᠷᠡᠭᠡᠳ᠂ ᠮᠠᠩᠭᠠᠳᠤᠷ ᠦᠷᠦᠭᠦᠨ (ᠥᠷᠯᠥᠭᠡ) ᠨᠢ ᠪᠡᠷᠢ ᠪᠡᠨ ᠦᠵᠡᠭᠡᠳ ᠢᠷ᠎ᠡ ᠭᠡᠵᠦ ᠶᠠᠪᠤᠭᠤᠯᠵᠤ ᠭᠡᠨ᠎ᠡ᠃ ᠪᠡᠷᠢ ᠨᠢ ᠶᠠᠪᠤᠭᠠᠳ ᠬᠦᠷᠬᠦ ᠳ᠋ᠦ᠍ ᠬᠤᠴᠠ ᠶ᠋ᠢ ᠨᠢ ᠭᠣᠣᠯ ᠤ᠋ᠨ ᠡᠬᠢᠨ ᠳ᠋ᠦ᠍ ᠨᠢᠭᠡᠨ ᠰᠠᠭᠯᠠᠭᠠᠷ ᠮᠣᠳᠣᠨ ᠤ᠋ ᠢᠷᠣᠭᠠᠯ ᠳ᠋ᠤ᠌ ( ᠳᠣᠣᠷ᠎ᠠ ) ᠴᠢᠨᠣ᠎ᠠ ᠢᠳᠡᠴᠢᠬᠡᠭᠰᠡᠨ ᠪᠠᠢᠵᠤ ᠭᠡᠨ᠎ᠡ ᠃ ᠪᠡᠷᠢ ᠡᠷᠭᠢᠵᠦ ᠢᠷᠡᠬᠦ ᠳ᠋ᠦ᠍ ᠠᠪᠤ ᠨᠢ ᠄
– ᠪᠠᠢᠨ᠎ᠠ ᠤᠤ? ᠭᠡᠵᠦ ᠠᠰᠠᠭᠤᠵᠠᠢ᠃ ᠪᠡᠷᠢ᠄ ᠭᠣᠣᠯ ᠂ ᠮᠣᠳᠣ ᠂ ᠴᠢᠨᠣ᠎ᠠ ᠂ ᠬᠤᠴᠠ᠂ ᠯᠤᠭᠭᠠᠷ ( ᠪᠦᠭᠦᠳᠡᠭᠡᠷ ) ᠮᠢᠨᠦ ᠬᠠᠳᠠᠮ ᠳᠡᠭᠡᠳᠦ ᠶ᠋ᠢᠨ ᠨᠡᠷ᠎ᠡ ᠭᠡᠳᠡᠭ ᠂ ᠬᠡᠯᠡᠬᠦ ᠡᠴᠡ ᠴᠡᠭᠡᠷᠯᠡᠬᠦ ᠬᠡᠷᠡᠭᠲᠡᠢ ᠭᠡᠵᠦ ᠪᠣᠳᠣᠭᠠᠳ᠄
– ᠶᠠᠭᠤᠨ ᠤ᠋ ᠲᠠᠨᠢ ③ ᠪᠠᠢᠬᠤ ᠪᠢᠯᠡ ᠂
ᠤᠷᠭᠤᠮᠠᠯ ᠤ᠋ᠨ ᠢᠷᠣᠭᠠᠯ ᠳ᠋ᠤ᠌
ᠤᠷᠤᠰᠬᠠᠯ ᠤ᠋ᠨ ᠡᠬᠢᠨ ᠳ᠋ᠦ᠍
ᠮᠠᠢᠯᠠᠮᠠᠯ ᠤ᠋ᠨ ᠳᠠᠷᠳᠠᠩ ᠵᠠᠮᠰᠤ ᠠᠬ᠎ᠠ ᠶ᠋ᠢ
ᠤᠯᠢᠮᠠᠯ ᠨᠢ ᠢᠷᠡᠭᠡᠳ ᠱᠠᠮᠰᠢᠴᠢᠬᠠᠵᠠᠢ᠂ ᠲᠠ
ᠳᠡᠷᠡᠭᠡᠷ ᠡᠪᠡᠷᠲᠦ (ᠰᠠᠷᠯᠤᠭ ᠱᠠᠷ ) ᠢ᠋ᠶ᠋ᠠᠨ ᠤᠨᠤᠭᠠᠳ
ᠰᠡᠷᠡᠭᠡᠷ ᠰᠢᠭᠢᠷᠠᠲᠤ(ᠰᠢᠭᠢᠷ᠎ᠡ ᠲᠡᠢ ᠫᠤᠤ) ᠪᠠᠨ ᠡᠭᠦᠷᠦᠭᠡᠳ ᠶᠠᠪᠤᠬᠤ ᠶᠤᠮ ᠪᠢᠰᠢᠦ? ᠭᠡᠵᠦ ᠬᠠᠷᠢᠭᠤᠯᠪᠠ ᠭᠡᠨ᠎ᠡ᠃
ᠪᠠᠰᠠ ᠨᠢᠭᠡ ᠤᠳᠠᠭ᠎ᠠ ᠪᠡᠷᠢ ᠨᠢ ᠨᠦᠳᠦᠭᠦᠷ(ᠣᠭᠣᠷ) ᠤ᠋ᠨ ᠴᠢᠯᠠᠭᠤ (ᠮᠠᠨᠴᠤ) ᠪᠠᠨ ᠬᠠᠯᠠᠭᠤᠯᠤᠭᠠᠳ ᠰᠢᠨ᠎ᠡ ᠣᠶᠣᠭᠰᠠᠨ ᠬᠤᠪᠴᠠᠰᠤ ᠪᠠᠨ ᠴᠢᠪᠠᠲᠠᠨ(ᠢᠯᠡᠦᠷᠳᠡᠨ) ᠰᠠᠭᠤᠵᠤ ᠪᠠᠢᠬᠤ ᠳ᠋ᠤᠨᠢ ᠬᠣᠢᠲᠤ ᠮᠡᠷᠭᠡᠨ ᠲᠡᠮᠦᠨᠡ ᠄
– ᠨᠦᠳᠦᠭᠦᠷ ᠦ᠋ᠨ ᠴᠢᠯᠠᠭᠤ ᠪᠠᠨ ᠭᠠᠯ ᠢ᠋ᠶ᠋ᠠᠷ ᠬᠠᠯᠠᠭᠤᠯᠪᠠ ᠤᠤ? ᠤᠰᠤ ᠪᠠᠷ ᠬᠠᠯᠠᠭᠤᠯᠪᠠ ᠤᠤ? ᠭᠡᠵᠦ ᠰᠤᠷᠠᠵᠠᠢ᠃ ᠪᠡᠷᠢ ᠨᠢ ᠄
– ᠮᠣᠭᠠᠢ ᠬᠡᠯᠡᠲᠦ
ᠮᠣᠷᠢᠨ ᠳᠡᠯᠲᠦ
ᠴᠢᠰᠤᠨ ᠥᠩᠭᠡᠲᠦ
ᠴᠢᠪᠠᠭᠠᠨ ᠵᠢᠰᠦᠲᠦ ᠪᠡᠷ ᠬᠠᠯᠠᠭᠤᠯᠪᠠ ᠭᠡᠵᠦ᠂ ᠬᠠᠳᠠᠮ ᠤ᠋ᠨ ᠬᠢᠨᠢ ᠳᠣᠯᠣᠳᠤᠭᠠᠷ ᠦᠶ᠎ᠡ ᠳ᠋ᠦ᠍ ᠦᠨᠡᠬᠡᠷ ᠨᠢᠭᠡ《ᠭᠠᠯᠴᠢ》ᠭᠡᠰᠡᠨ ᠨᠡᠷᠡᠲᠡᠢ ᠬᠥᠮᠦᠨ ᠪᠠᠢᠭᠰᠠᠨ ᠢ᠋ ᠨᠢ ᠤᠷᠠᠨ ᠰᠡᠴᠡᠨ ᠢ᠋ᠶ᠋ᠡᠷ ᠴᠡᠭᠡᠷᠯᠡᠨ ᠬᠠᠷᠢᠭᠤᠯᠤᠭᠰᠠᠨ ᠶᠤᠮ ᠭᠡᠨ᠎ᠡ᠃
ᠵᠠ ᠲᠡᠭᠡᠭᠡᠳ ᠬᠣᠢᠲᠤ ᠮᠡᠷᠭᠡᠨ ᠲᠡᠮᠦᠨᠡ
ᠰᠠᠢᠨ ᠴᠦ᠍ ᠪᠡᠷᠢ ᠲᠡᠢ
ᠰᠠᠢᠬᠠᠨ ᠴᠦ᠍ ᠠᠢᠯ ᠪᠣᠯᠵᠠᠢ ᠂
ᠵᠢᠷᠠ ᠴᠦ᠍ ᠨᠠᠰᠤᠯᠠᠵᠤ
ᠵᠢᠷᠭᠠᠯᠲᠠᠢ ᠰᠠᠢᠬᠠᠨ ᠠᠮᠢᠳᠤᠷᠠᠵᠠᠢ᠃
ᠤᠤᠭᠤᠳᠠᠭ ᠨᠢ ᠪᠣᠯᠪᠠᠯ
ᠪᠤᠯᠠᠭ ᠤ᠋ᠨ ᠰᠤᠳᠠᠰᠤᠨ ᠤ᠋ ᠤᠰᠤ ᠭᠡᠨ᠎ᠡ ᠂
ᠢᠳᠡᠳᠡᠭ ᠨᠢ ᠪᠣᠯᠪᠠᠯ
ᠪᠤᠭᠤ ᠶ᠋ᠢᠨ ᠰᠢᠨᠳᠠᠰᠤᠨ ᠤ᠋ ᠮᠢᠬ᠎ᠠ ᠭᠡᠨ᠎ᠡ ᠃
ᠬᠣᠢᠲᠤ ᠮᠡᠷᠭᠡᠨ ᠲᠡᠮᠦᠨᠡ ᠪᠤᠭᠤ ᠠᠯᠠᠬᠤ ᠳ᠋ᠠᠭᠠᠨ ᠪᠦᠷ ᠯᠡ ᠠᠮᠠᠨ ᠬᠦᠵᠦᠭᠦᠦ ᠶ᠋ᠢ ᠨᠢ ᠬᠠᠷᠪᠤᠵᠤ ᠠᠯᠠᠳᠠᠭ ᠪᠠᠢᠵᠠᠢ᠂ ᠬᠦᠦ ᠨᠢ ᠬᠠᠷᠪᠤᠬᠤ ᠪᠦᠷᠢ ᠨᠢᠭᠡ ᠶ᠋ᠢ ᠤᠨᠠᠭᠠᠳᠠᠭ ᠪᠣᠯᠪᠠᠴᠤ ᠠᠮᠠᠨ ᠬᠦᠵᠦᠭᠦᠦ ᠶ᠋ᠢ ᠨᠢ ᠠᠪᠴᠤ ᠶᠠᠭᠠᠬᠢᠭᠰᠠᠨ ᠴᠦ᠍ ᠴᠢᠳᠠᠳᠠᠭ ᠦᠭᠡᠢ᠂ ᠠᠪᠤ ᠠ᠋ᠴᠠ ᠪᠠᠨ ᠠᠰᠠᠭᠤᠬᠤ ᠳ᠋ᠤ᠌ ᠠᠷᠭ᠎ᠠ ᠡᠷᠳᠡᠮ ᠢ᠋ᠶ᠋ᠡᠨ ᠬᠡᠯᠡᠵᠦ ᠥᠭᠳᠡᠭ ᠦᠭᠡᠢ ᠭᠡᠨ᠎ᠡ᠃ ᠡᠢᠮᠦ ᠳ᠋ᠦ᠍᠂ ᠪᠡᠷᠢ ᠨᠢ ᠠᠷᠭ᠎ᠠ ᠪᠣᠳᠣᠵᠤ ᠪᠠᠢᠭᠠᠳ ᠠᠪᠤ ᠶ᠋ᠢᠨ ᠢ᠋ᠶ᠋ᠡᠨ ᠰᠠᠭᠠᠳᠠᠭ ᠢ᠋ ᠳᠠᠯᠳᠠᠭᠤᠷ ᠠᠪᠤᠨ ᠭᠠᠯ ᠳ᠋ᠤ᠌ ᠡᠭᠡᠭᠡᠳ ᠬᠡᠦᠷᠰᠢᠭᠦᠯᠵᠦ ᠲᠠᠯᠪᠢᠵᠤ ᠭᠡᠨ᠎ᠡ᠃ ᠲᠡᠭᠡᠭᠡᠳ ᠪᠡᠷᠢ ᠨᠢ ᠠᠷᠠᠪᠰᠠᠷ ᠲᠤ᠌ ᠄
– ᠮᠠᠩᠭᠠᠳᠤᠷ ᠠᠪᠤ ᠴᠢᠮ᠎ᠠ ᠪᠠᠷ ᠭᠥᠷᠥᠭᠡᠰᠦ ᠬᠠᠷᠪᠤᠭᠤᠯᠪᠠᠯ ᠴᠢ ᠠᠮᠠᠨ ᠬᠦᠵᠦᠭᠦᠦ ᠶ᠋ᠢ ᠨᠢ ᠶᠠᠭᠠᠬᠢᠵᠤ ᠬᠠᠷᠪᠤᠳᠠᠭ ᠢ᠋ ᠨᠢ ᠠᠰᠠᠭᠤᠵᠤ ᠠᠪᠤᠭᠠᠳ ᠬᠠᠷᠪᠤ ! ᠭᠡᠵᠦ ᠵᠠᠬᠢᠵᠠᠢ᠃ ᠮᠠᠩᠭᠠᠳᠤᠷ ᠨᠢ ᠬᠣᠢᠲᠤ ᠮᠡᠷᠭᠡᠨ ᠲᠡᠮᠦᠨᠡ ᠬᠦᠦ ᠪᠡᠨ ᠳᠠᠭᠠᠭᠤᠯᠤᠭᠠᠳ ᠠᠪᠠᠯᠠᠨ ᠶᠠᠪᠤᠵᠤ ᠪᠠᠢᠲᠠᠯ᠎ᠠ᠂ ᠬᠣᠪᠣᠷ ᠲᠣᠬᠢᠶᠠᠯᠳᠤᠳᠠᠭ《ᠮᠡᠯᠡᠬᠡᠢᠲᠦ》ᠭᠡᠭᠴᠢ ᠪᠤᠭᠤ ᠡᠮᠦᠨ᠎ᠡ ᠡᠴᠡ ᠨᠢ ᠪᠣᠰᠤᠭᠠᠳ ᠳᠤᠲᠠᠭᠠᠬᠤ ᠳ᠋ᠤ᠌᠂ ᠲᠡᠷᠡ ᠰᠠᠭᠠᠳᠠᠭ ᠢ᠋ᠶ᠋ᠠᠨ ᠠᠪᠤᠮᠠᠭᠴᠠ ᠳᠦᠭᠦᠷᠲᠡᠯ᠎ᠡ ᠨᠢ ᠡᠪᠰᠢᠶᠡᠯᠭᠡᠭᠡᠳ ᠢᠷᠡᠲᠡᠯ᠎ᠡ ᠬᠠᠲᠠᠵᠤ ᠬᠡᠦᠷᠰᠢᠭᠰᠡᠨ ᠰᠠᠭᠠᠳᠠᠭ ᠨᠢ《ᠲᠠᠱ》ᠭᠡᠳ ᠬᠤᠭᠤᠷᠠᠴᠢᠬᠠᠵᠠᠢ᠃
– ᠵᠠ ᠪᠣᠯᠤᠭᠰᠠᠨ ᠦᠭᠡᠢ ᠂ ᠬᠦᠦ ᠮᠢᠨᠢ ᠬᠦᠦ ᠮᠢᠨᠢ ᠴᠢ ᠬᠠᠷᠪᠤ ! ᠭᠡᠬᠦ ᠳ᠋ᠦ᠍ ᠠᠷᠠᠪᠰᠠᠷ ᠡᠬᠡᠨᠡᠷ ᠦ᠋ᠨ ᠢ᠋ᠶ᠋ᠡᠨ ᠵᠠᠬᠢᠭᠰᠠᠨ ᠢ᠋ ᠪᠣᠳᠣᠭᠠᠳ᠄
– ᠶᠠᠭᠠᠬᠢᠵᠤ ᠬᠠᠷᠪᠤᠪᠠᠯ ᠠᠮᠠᠨ ᠬᠦᠵᠦᠭᠦᠦ ᠶ᠋ᠢ ᠨᠢ ᠠᠪᠳᠠᠭ ᠪᠣᠢ ? ᠭᠡᠵᠦ ᠠᠰᠠᠭᠤᠬᠤ ᠳ᠋ᠤ᠌᠂ ᠠᠪᠤ ᠨᠢ ᠠᠷᠭ᠎ᠠ ᠦᠭᠡᠢ᠄
– ᠠ ᠮᠥᠨ ᠪᠠᠢᠨ᠎ᠠ᠂ ᠠᠷᠭᠠᠲᠤ ᠪᠡᠷᠢ ᠶ᠋ᠢᠨ ᠮᠢᠨᠢ ᠤᠬᠠᠭᠠᠨ ᠪᠠᠢᠨ᠎ᠠ᠂ ᠠᠮᠠᠨ ᠠᠭᠤᠷ ᠢ᠋ ᠨᠢ ᠪᠠᠷᠢᠵᠤ ᠬᠠᠷᠪᠤ ! ᠭᠡᠵᠦ ᠬᠡᠯᠡᠵᠦ ᠥᠭᠴᠡᠢ᠃ ᠠᠷᠠᠪᠰᠠᠷ ᠠᠪᠤ ᠶ᠋ᠢᠨ ᠢ᠋ᠶ᠋ᠡᠨ ᠬᠡᠯᠡᠭᠰᠡᠨ ᠢ᠋ᠶ᠋ᠡᠷ ᠠᠮᠠᠨ ᠠᠭᠤᠷ ᠢ᠋ ᠨᠢ ᠬᠠᠷᠪᠤᠬᠤ ᠳ᠋ᠤ᠌ ᠰᠠᠭᠠᠳᠠᠭ ᠤ᠋ᠨ ᠰᠦᠮᠪᠦ (ᠰᠤᠮᠤ) ᠶᠠᠭ ᠬᠦᠵᠦᠭᠦᠦ ᠶ᠋ᠢ ᠨᠢ ᠠᠪᠴᠤ (ᠤᠨᠤᠵᠤ) ᠭᠡᠨ᠎ᠡ᠃ ᠡᠭᠦᠨ ᠡᠴᠡ ᠬᠣᠢᠰᠢ ᠠᠷᠠᠪᠰᠠᠷ ᠠᠮᠠᠨ ᠬᠦᠵᠦᠭᠦᠦ ᠬᠠᠷᠪᠤᠬᠤ ᠡᠷᠳᠡᠮ ᠲᠡᠢ ᠪᠣᠯᠵᠠᠢ᠂ ᠭᠡᠲᠡᠯ᠎ᠡ ᠠᠪᠤ ᠨᠢ ᠡᠢᠮᠦ ᠪᠤᠭᠤ ᠪᠠᠨ ᠭᠠᠭᠴᠠᠭᠠᠷ ᠥᠪᠴᠢᠭᠡᠳ ᠪᠣᠷᠴᠠᠯᠠᠵᠤ᠂ ᠬᠠᠲᠠᠭᠰᠠᠨ ᠬᠣᠢᠨ᠎ᠠ ᠰᠠᠶᠢ ᠮᠢᠬ᠎ᠠ ᠶ᠋ᠢ ᠨᠢ ᠭᠡᠷ ᠲᠡᠭᠡᠨ ᠠᠪᠴᠢᠷᠠᠳᠠᠭ ᠪᠠᠢᠵᠠᠢ᠃ ᠬᠦᠦ ᠪᠡᠷᠢ ᠬᠣᠶᠠᠷ ᠨᠢ ᠶᠠᠮᠠᠷ ᠪᠤᠭᠤ ᠪᠣᠢ? ᠭᠡᠬᠦ ᠳ᠋ᠦ᠍ ᠶᠠᠭ ᠬᠡᠯᠡᠵᠦ ᠥᠭᠳᠡᠭ ᠦᠭᠡᠢ ᠪᠠᠢᠵᠤ ᠭᠡᠨ᠎ᠡ ᠃
