ᠪᠢᠴᠢᠶ᠎ᠡ ᠪᠢᠴᠢᠶ᠎ᠡ- ᠦ᠂ ᠮᠠᠨᠳᠤᠯ᠎ᠠ
ᠪᠢᠴᠢᠶ᠎ᠡ ᠪᠢᠴᠢᠶ᠎ᠡ
ᠦ᠂ ᠮᠠᠨᠳᠤᠯ᠎ᠠ
ᠪᠢ ᠪᠢᠴᠢ ᠴᠢ ᠪᠢᠴᠢ
ᠪᠦᠭᠦᠳᠡᠭᠡᠷ ᠢ᠋ᠶ᠋ᠡᠨ ᠪᠢᠴᠢᠶ᠎ᠡ
ᠪᠣᠰᠤᠭ᠎ᠠ ᠮᠣᠩᠭᠣᠯ ᠦᠰᠦᠭ ᠢ᠋ᠶ᠋ᠡᠨ
ᠪᠥᠮᠪᠥᠷᠴᠡᠭ ᠲᠦ᠍ ᠭᠠᠢᠬᠠᠭᠤᠯᠲᠠᠯᠠ
ᠪᠢᠴᠢᠶ᠎ᠡ
ᠪᠢ ᠪᠢᠴᠢ ᠬᠡᠦᠬᠡᠳ ᠪᠢᠴᠢ
ᠪᠦᠯᠢ ᠭᠡᠷ ᠢ᠋ᠶ᠋ᠡᠷ ᠢ᠋ᠶ᠋ᠡᠨ ᠬᠠᠮᠲᠤ ᠳ᠋ᠠᠭᠠᠨ ᠪᠢᠴᠢᠶ᠎ᠡ
ᠪᠠᠬᠠᠷᠬᠠᠯ ᠬᠠᠢᠷᠠᠲᠠᠢ ᠪᠣᠰᠤᠭ᠎ᠠ ᠦᠰᠦᠭ ᠢ᠋ᠶ᠋ᠡᠨ
ᠪᠢᠳᠡ ᠪᠢᠴᠢᠬᠦ ᠦᠭᠡᠢ ᠬᠡᠨ
ᠪᠢᠴᠢᠨ᠎ᠡ
ᠥᠰᠪᠥᠷᠢ ᠡᠴᠡ ᠰᠤᠷᠤᠭᠰᠠᠨ ᠪᠣᠰᠤᠭ᠎ᠠ ᠦᠰᠦᠭ ᠢ᠋ᠶ᠋ᠡᠨ
ᠥᠲᠡᠯᠲᠡᠯ᠎ᠡ ᠪᠡᠨ ᠪᠢᠴᠢᠶ᠎ᠡ ᠡᠪᠦᠭᠡᠷᠡᠲᠡᠯᠡ ᠪᠡᠨ ᠪᠢᠴᠢᠶ᠎ᠡ
ᠡᠨᠡ ᠰᠠᠢᠬᠠᠨ ᠨᠠᠰᠤᠨ ᠳ᠋ᠠᠭᠠᠨ
ᠡᠷᠬᠢᠮᠯᠡᠵᠦ ᠬᠦᠨᠳᠦᠳᠬᠡᠨ
ᠤᠯᠠᠮᠵᠢᠯᠠᠨ ᠪᠢᠴᠢᠶ᠎ᠡ
ᠦᠵᠦᠭ ᠪᠢᠷ ᠢ᠋ᠶ᠋ᠡᠨ ᠬᠤᠷᠴᠠᠯᠠᠶ᠎ᠠ
ᠡᠬᠡ ᠰᠣᠶᠣᠯ ᠢ᠋ᠶ᠋ᠠᠷ ᠢ᠋ᠶ᠋ᠠᠨ ᠭᠣᠶᠣᠯᠠᠶᠠ
ᠥᠪᠡᠷ ᠦ᠋ᠨ ᠪᠡᠶ᠎ᠡ ᠪᠡᠷ ᠢ᠋ᠶ᠋ᠡᠨ ᠳᠠᠭᠤᠷᠢᠶᠠᠯ ᠪᠣᠯᠤᠶ᠎ᠠ
ᠦᠶ᠎ᠡ ᠶ᠋ᠢᠨ ᠦᠶ᠎ᠡ ᠳ᠋ᠡᠭᠡᠨ
ᠪᠢᠴᠢᠶ᠎ᠡ ᠪᠢᠴᠢᠶ᠎ᠡ
ᠪᠢᠴᠢᠶ᠎ᠡ ᠪᠢᠴᠢᠶ᠎ᠡ
ᠪᠢᠯᠢᠭ ᠣᠶᠤᠨ ᠢ᠋ᠶ᠋ᠠᠨ ᠨᠡᠭᠡᠭᠡᠭᠳᠡᠭᠦᠯᠵᠦ
ᠪᠢᠴᠢᠶ᠎ᠡ
ᠪᠦᠭᠦᠳᠡ ᠶ᠋ᠢᠨ ᠭᠠᠭᠴᠠᠬᠠᠨ ᠪᠣᠰᠤᠭ᠎ᠠ ᠦᠰᠦᠭ ᠢ᠋ᠶ᠋ᠡᠨ
ᠪᠦᠷᠢᠨ ᠪᠦᠲᠦᠨ ᠢ᠋ᠶ᠋ᠡᠷ ᠨᠢ ᠬᠤᠪᠢᠷᠠᠭᠠᠬᠤ ᠦᠭᠡᠢ ᠪᠢᠴᠢᠶ᠎ᠡ
ᠦᠰᠦᠭ ᠠᠮᠢᠯᠠᠭᠤᠯᠤᠭᠰᠠᠨ ᠨᠢ᠄ ᠳᠡᠭᠦᠦᠵᠠᠶᠠᠭ᠎ᠠ
