ᠬᠣᠢᠲᠤ ᠮᠡᠷᠭᠡᠨ ᠲᠡᠮᠦᠨᠡ < ᠡᠮᠦᠨᠡᠬᠢ ᠦᠭᠡ > Хойд мэргэн төмнө – Өмнөх үг
ᠬᠣᠢᠲᠤ ᠮᠡᠷᠭᠡᠨ ᠲᠡᠮᠦᠨᠡ
ᠡᠮᠦᠨᠡᠬᠢ ᠦᠭᠡ
ᠳᠣᠮᠣᠭ《 ᠬᠣᠢᠲᠤ ᠮᠡᠷᠭᠡᠨ ᠲᠡᠮᠦᠨᠡ 》 ᠶ᠋ᠢ ᠳᠡᠭᠡᠳᠦ ᠮᠣᠩᠭᠣᠯ ᠤ᠋ᠨ ᠠᠮᠠᠨ ᠵᠣᠬᠢᠶᠠᠯ ᠤ᠋ᠨ《 ᠭᠤᠷᠪᠠᠨ ᠣᠷᠭᠢᠯ 》 ᠤ᠋ᠨ ᠨᠢᠭᠡ ᠭᠡᠵᠦ ᠪᠢᠳᠡ ᠦᠵᠡᠳᠡᠭ (ᠥᠭᠡᠷ᠎ᠡ ᠬᠣᠶᠠᠷ ᠨᠢ《ᠪᠠᠶᠠᠨ ᠰᠥᠩ ᠦ᠋ᠨ ᠢᠷᠦᠭᠡᠯ》ᠪᠣᠯᠤᠨ ᠪᠠᠭᠠᠲᠤᠷᠯᠢᠭ ᠲᠤᠤᠯᠢ《ᠬᠠᠨ ᠴᠡᠩᠭᠡᠯ》ᠪᠣᠯᠤᠨ᠎ᠠ )᠃ᠡᠨᠡ ᠦᠯᠢᠭᠡᠷ ᠬᠥᠬᠡᠨᠠᠭᠤᠷ ᠂ ᠰᠢᠨᠵᠢᠶᠠᠩ ᠂ ᠭᠠᠨᠰᠦ ᠂ ᠥᠪᠥᠷ ᠮᠣᠩᠭᠣᠯ ᠤ᠋ᠨ ᠮᠣᠩᠭᠣᠯᠴᠤᠳ ᠤ᠋ᠨ ᠳᠤᠮᠳᠠ ᠪᠦᠷ ᠲᠦᠭᠡᠵᠡᠢ᠃ᠮᠣᠩᠭᠣᠯ ᠤᠯᠤᠰ ᠤ᠋ᠨ ᠭ·ᠰᠡᠮᠫᠢᠯᠳᠡᠨᠳᠡᠪ ᠦ᠋ᠨ《 ᠠᠮᠠᠨ ᠢᠷᠠᠭᠤ ᠨᠠᠢᠷᠠᠭ ᠲᠤ᠌ ᠶᠣᠭᠲᠠᠯᠠᠯ ᠢ᠋ ᠠᠰᠢᠭᠯᠠᠭᠰᠠᠨ ᠨᠢ 》ᠭᠡᠬᠦ ᠥᠭᠦᠯᠡᠯ ᠡᠴᠡ ᠦᠵᠡᠬᠦ ᠳ᠋ᠦ᠍ ᠬᠠᠯᠬ᠎ᠠ ᠳ᠋ᠤ᠌ ᠴᠤ᠌ ᠶᠠᠷᠢᠳᠠᠭ ᠪᠠᠢᠭᠰᠠᠨ ᠪᠣᠯᠤᠯᠲᠠᠢ ᠃ ᠡᠨᠡ ᠳᠣᠮᠣᠭ ᠤ᠋ᠨ ᠬᠥᠮᠦᠨ ᠨᠢ ᠠᠷᠪᠢᠨ ᠮᠥᠷᠲᠡᠭᠡᠨ ᠳᠦᠷᠢ ᠨᠢ ᠠᠮᠢᠳᠤᠯᠢᠭ᠂ ᠦᠯᠢᠭᠡᠷ ᠨᠢ ᠣᠯᠠᠨ ᠪᠥᠭᠡᠳ ᠨᠠᠷᠢᠨ ᠪᠤᠳᠤᠯᠢᠶᠠᠨᠲᠠᠢ ᠂ ᠬᠡᠯᠡ ᠬᠡᠯᠡᠯᠭᠡ ᠶ᠋ᠢᠨ ᠬᠢᠨᠢ ᠡᠯᠪᠡᠭ ᠪᠠᠶᠠᠯᠢᠭ ᠂ ᠤᠷᠤᠰᠤᠮ᠎ᠠ ᠰᠠᠢᠬᠠᠨ ᠭᠡᠵᠦ ᠨᠡᠩ ᠴᠦ᠍ ᠭᠠᠢᠬᠠᠯᠲᠠᠢ ᠶᠤᠮ᠃ ᠲᠡᠭᠡᠭᠡᠳ ᠪᠠᠰᠠ ᠦᠯᠢᠭᠡᠷ ᠳᠣᠲᠣᠷ᠎ᠠ ᠪᠠᠨ ᠦᠯᠢᠭᠡᠷ ᠲᠡᠢ ᠂ ᠵᠠᠷᠢᠮ ᠨᠢ ᠪᠠᠰᠠ ᠪᠡᠶ᠎ᠡ ᠪᠡᠨ ᠳᠠᠭᠠᠭᠠᠭᠰᠠᠨ ᠰᠢᠨᠵᠢ ᠲᠡᠢ ᠪᠠᠢᠳᠠᠭ ᠡᠢᠮᠦ ᠨᠢᠭᠡᠨ ᠣᠨᠴᠠᠯᠢᠭ ᠨᠢ ᠳᠣᠪᠣᠢᠮ᠎ᠠ ᠬᠠᠷᠠᠭᠳᠠᠵᠤ ᠪᠣᠢ᠃ᠤᠷᠠᠨ ᠨᠠᠢᠷᠠᠭᠤᠯᠭ᠎ᠠ ᠶ᠋ᠢᠨ ᠲᠠᠯ᠎ᠠ ᠪᠠᠷ ᠶᠡᠬᠡᠰᠬᠡᠯ ᠂ ᠪᠠᠭᠠᠰᠬᠠᠯ ᠂ ᠰᠢᠳᠢᠵᠢᠭᠦᠯᠦᠯ ᠂ ᠶᠣᠭᠲᠠᠯᠠᠯ ᠂ ᠤᠶᠠᠩᠭᠠᠯᠠᠯ ᠂ ᠲᠣᠭᠠᠴᠢᠯ ᠂ ᠲᠣᠩᠭᠣᠷᠠᠭᠤᠯᠤᠯ ᠂ ᠰᠢᠯᠦᠭᠯᠡᠯ ᠂ ᠰᠡᠴᠡᠯᠡᠯ ᠵᠡᠷᠭᠡ ᠣᠯᠠᠨ ᠠᠷᠭ᠎ᠠ ᠶ᠋ᠢ ᠬᠡᠷᠡᠭᠯᠡᠵᠡᠢ ᠃ ᠨᠢᠭᠡᠨ ᠦᠯᠢᠭᠡᠷ ᠲᠦ᠍ ᠡᠢᠮᠦ ᠣᠯᠠᠨ ᠤᠷᠠᠯᠢᠭ ᠤ᠋ᠨ ᠠᠷᠭ᠎ᠠ ᠶ᠋ᠢ ᠬᠡᠷᠡᠭᠯᠡᠭᠰᠡᠨ ᠵᠢᠱ᠌ᠢᠶ᠎ᠡ ᠶ᠋ᠢ ᠪᠤᠰᠤᠳ ᠦᠯᠢᠭᠡᠷ ᠳᠣᠮᠣᠭ ᠤ᠋ᠳ ᠠ᠋ᠴᠠ ᠴᠤ᠌ ᠣᠯᠵᠤ ᠪᠣᠯᠤᠨ᠎ᠠ ᠃ ᠭᠡᠲᠡᠯ᠎ᠡ ᠶᠣᠭᠲᠠᠯᠠᠯ ᠢ᠋ ᠲᠡᠢᠮᠦ ᠠᠷᠪᠢᠨ ᠲᠡᠭᠡᠲᠡᠯ᠎ᠡ ᠪᠡᠨ ᠰᠠᠢᠬᠠᠨ ᠬᠡᠷᠡᠭᠯᠡᠭᠰᠡᠨ ᠵᠢᠱ᠌ᠢᠶ᠎ᠡ ᠪᠤᠰᠤᠳ ᠦᠯᠢᠭᠡᠷ ᠳᠣᠮᠣᠭ ᠤ᠋ᠳ ᠲᠤᠨᠢ ᠬᠣᠪᠣᠷ ᠮᠥᠷᠲᠡᠭᠡᠨ ᠪᠤᠰᠤᠳ ᠮᠣᠩᠭᠣᠯ ᠣᠷᠣᠨ ᠤ᠋ ᠠᠮᠠᠨ ᠵᠣᠬᠢᠶᠠᠯ ᠳ᠋ᠤ᠌ ᠪᠦᠷ ᠴᠦ᠍ ᠬᠣᠪᠣᠷᠬᠠᠨ ᠪᠢᠯᠡ᠃ ᠪᠠᠰᠠ ᠠᠮᠠᠨ ᠵᠣᠬᠢᠶᠠᠯ ᠤ᠋ᠨ ᠬᠤᠪᠢ ᠳ᠋ᠤ᠌ ᠡᠨᠡ ᠳᠣᠮᠣᠭ ᠤ᠋ᠨ ᠦᠯᠢᠭᠡᠷ ᠨᠢ ᠳᠠᠭᠤᠰᠤᠭᠰᠠᠨ ᠪᠠᠢᠲᠠᠯ᠎ᠠ ᠬᠣᠵᠢᠮ ᠨᠢ《 ᠨᠠᠢᠵᠢ ᠲᠣᠢᠨ ᠳᠠᠯᠠᠢ ᠮᠠᠨᠽᠤᠰᠢᠷᠢ ᠶ᠋ᠢᠨ ᠳᠣᠮᠣᠭ 》① ᠬᠡᠮᠡᠬᠦ ᠪᠢᠴᠢᠭ ᠦ᠋ᠨ ᠵᠣᠬᠢᠶᠠᠯ ᠵᠣᠬᠢᠶᠠᠭᠳᠠᠭᠠᠳ ᠦᠯᠢᠭᠡᠷ ᠢ᠋ ᠵᠠᠯᠭᠠᠨ ᠦᠷᠭᠦᠯᠵᠢᠯᠡᠭᠦᠯᠦᠭᠰᠡᠨ ᠪᠠᠢᠳᠠᠭ ᠨᠢ ᠰᠣᠨᠢᠷᠬᠠᠯᠲᠠᠢ᠃ ᠡᠨᠡ ᠲᠤᠬᠠᠢ ᠨᠠᠷᠢᠨ ᠵᠦᠢᠯ ᠢ᠋《〈ᠬᠣᠢᠲᠤ ᠮᠡᠷᠭᠡᠨ ᠲᠡᠮᠦᠨᠡ ᠶ᠋ᠢᠨ ᠳᠣᠮᠣᠭ〉ᠠᠩᠬᠠᠨ ᠤ᠋ ᠡᠷᠢᠯ 》 ᠭᠡᠬᠦ ᠥᠭᠦᠯᠡᠯ ᠳ᠋ᠦ᠍ ᠯᠠᠪᠯᠠᠭᠠᠷᠠᠢ ᠃ ᠶᠡᠷᠦᠨᠢ ᠪᠢᠴᠢᠭ ᠦ᠋ᠨ ᠵᠣᠬᠢᠶᠠᠯ ᠳ᠋ᠤ᠌ ᠶᠠᠮᠠᠷ ᠨᠢᠭᠡᠨ ᠬᠠᠷᠢᠴᠠᠭ᠎ᠠ ᠬᠣᠯᠪᠣᠭ᠎ᠠ ᠲᠠᠢ ᠵᠦᠢᠯ ᠳᠡᠭᠡᠳᠦ ᠮᠣᠩᠭᠣᠯ ᠤ᠋ᠨ ᠠᠮᠠᠨ ᠵᠣᠬᠢᠶᠠᠯ ᠳ᠋ᠤ᠌ ᠡᠳᠦᠢ ᠲᠡᠳᠦᠢ ᠪᠣᠢ᠃
ᠲᠤᠰ ᠳᠣᠮᠣᠭ ᠢ᠋ ᠬᠣᠢᠲᠤ ᠮᠡᠷᠭᠡᠨ ᠲᠡᠮᠦᠨᠡ ᠂ ᠣᠢᠲᠤ ᠮᠡᠷᠭᠡᠨ ᠲᠡᠮᠦᠨᠡ ᠂ ᠬᠣᠢᠳ ᠮᠡᠷᠭᠡᠨ ᠲᠡᠮᠦᠨᠡ ᠭᠡᠬᠦ ᠵᠡᠷᠭᠡ ᠠᠳᠠᠯᠢ ᠪᠤᠰᠤ ᠨᠡᠷ᠎ᠡ ᠪᠡᠷ ᠶᠠᠷᠢᠳᠠᠭ ᠮᠥᠷᠲᠡᠭᠡᠨ ᠬᠥᠮᠦᠨ ᠬᠥᠮᠦᠨ ᠦ᠌ ᠶᠠᠷᠢᠬᠤ ᠨᠢ ᠴᠦ᠍ ᠬᠠᠷᠢᠯᠴᠠᠨ ᠠᠳᠠᠯᠢ ᠦᠭᠡᠢ ᠪᠠᠢᠳᠠᠭ᠃
ᠮᠡᠷᠭᠡᠨ ᠲᠡᠮᠦᠨᠡ (ᠲᠡᠪᠡᠨᠡ) ᠪᠣᠯ ᠲᠡᠦᠬᠡᠲᠦ ᠦᠨᠡᠨ ᠬᠥᠮᠦᠨ ᠪᠠᠢᠭᠰᠠᠨ ᠶᠤᠮ᠃ (ᠡᠨᠡ ᠲᠤᠬᠠᠢ ᠪᠠᠷᠠᠭᠤᠨ ᠬᠣᠢᠲᠤ ᠦᠨᠳᠦᠰᠦᠲᠡᠨ ᠦ᠌ ᠳᠡᠭᠡᠳᠦ ᠰᠢᠷᠭᠤᠭᠤᠯᠢ ᠶ᠋ᠢᠨ ᠡᠷᠳᠡᠮ ᠰᠢᠨᠵᠢᠯᠡᠭᠡᠨ ᠦ᠌ ᠰᠡᠳᠬᠦᠯ – ᠮᠣᠩᠭᠣᠯ ᠬᠡᠪᠯᠡᠯ – ᠳ᠋ᠦ᠍ ᠨᠡᠢᠲᠡᠯᠡᠭᠳᠡᠭᠰᠡᠨ《〈ᠬᠣᠢᠲᠤ ᠮᠡᠷᠭᠡᠨ ᠲᠡᠮᠦᠨᠡ ᠶ᠋ᠢᠨ ᠳᠣᠮᠣᠭ〉 ᠤ᠋ᠨ ᠲᠤᠬᠠᠢ ᠠᠩᠬᠠᠨ ᠤ᠋ ᠡᠷᠢᠯ 》 ᠵᠡᠷᠭᠡ ᠥᠭᠦᠯᠡᠯ – ᠵᠣᠬᠢᠶᠠᠭᠴᠢ ᠨᠢ – ᠴᠡᠪᠰᠢᠭ ᠡᠴᠡ ᠯᠠᠪᠯᠠᠭᠠᠷᠠᠢ ) ᠃ ᠭᠡᠲᠡᠯ᠎ᠡ ᠠᠷᠠᠳ ᠤ᠋ᠨ ᠠᠮᠠᠨ ᠶᠠᠷᠢᠶᠠᠨ ᠳ᠋ᠤ᠌ ᠲᠡᠭᠦᠨ ᠢ᠋ ᠬᠠᠷᠢᠨ ᠬᠢᠲᠠᠳ ᠤ᠋ᠨ ᠳᠠᠩ ᠤᠯᠤᠰ ᠤ᠋ᠨ ᠦᠶ᠎ᠡ ᠶ᠋ᠢᠨ ᠬᠥᠮᠦᠨ ᠪᠣᠯᠭᠠᠴᠢᠬᠠᠳᠠᠭ ᠨᠢ ᠰᠣᠨᠢᠷᠬᠠᠯᠲᠠᠢ ᠂ ᠡᠨᠡ ᠨᠢ ᠪᠠᠷᠤᠭ ᠡᠷᠲᠡᠨ ᠡᠴᠡ ᠡᠦᠲᠦ ᠪᠣᠯᠲᠠᠯᠠᠬᠢ ᠲᠥᠪᠡᠳ ᠮᠣᠩᠭᠣᠯ ᠤ᠋ᠨ ᠰᠣᠶᠣᠯ ᠤ᠋ᠨ ᠬᠠᠷᠢᠴᠠᠭᠠᠨ ᠤ᠋ ᠨᠥᠯᠦᠭᠡᠨ ᠡᠴᠡ ᠪᠣᠯᠤᠭᠰᠠᠨ ᠪᠠᠢᠯᠲᠠᠢ᠃ ᠸᠧᠨ ᠴᠧᠩ ᠭᠦᠩᠵᠦ ᠶ᠋ᠢ ᠲᠥᠪᠡᠳ ᠦ᠋ᠨ ᠬᠠᠭᠠᠨ ᠳ᠋ᠤ᠌ ᠵᠠᠯᠠᠬᠤ ᠪᠠᠷ ᠣᠴᠢᠭᠰᠠᠨ ᠨᠢ ᠴᠦ᠍ ᠯᠠᠪ ᠲᠥᠪᠡᠳ ᠬᠥᠮᠦᠨ ᠪᠠᠢᠬᠤ ᠶᠣᠰᠣᠲᠠᠢ ᠂ ᠭᠡᠲᠡᠯ᠎ᠡ ᠲᠤᠰ ᠳᠣᠮᠣᠭ ᠲᠤ᠌ ᠮᠥᠨ ᠮᠡᠷᠭᠡᠨ ᠲᠡᠮᠦᠨᠡ ᠶ᠋ᠢ ᠪᠣᠯᠭᠠᠭᠰᠠᠨ ᠪᠠᠢᠨ᠎ᠠ ᠃ ᠡᠢᠮᠦ ᠡᠴᠡ ᠲᠥᠪᠡᠳ ᠦ᠋ᠨ ᠸᠧᠨ ᠴᠧᠩ ᠭᠦᠩᠵᠦ ᠶ᠋ᠢᠨ ᠦᠯᠢᠭᠡᠷ ᠪᠠ ᠮᠣᠩᠭᠣᠯ ᠤ᠋ᠨ ᠮᠡᠷᠭᠡᠨ ᠲᠡᠮᠦᠨᠡ ᠶ᠋ᠢᠨ ᠦᠯᠢᠭᠡᠷ ᠨᠢ ᠣᠯᠠᠨ ᠭᠠᠵᠠᠷ ᠢ᠋ᠶ᠋ᠠᠨ ᠠᠳᠠᠯᠢᠪᠲᠤᠷ ᠪᠣᠯᠤᠭᠰᠠᠨ ᠪᠠᠢᠳᠠᠭ᠂ ᠠᠳᠠᠯᠢ ᠦᠭᠡᠢ ᠨᠢ ᠭᠡᠪᠡᠯ ᠸᠧᠨ ᠴᠧᠩ ᠭᠦᠩᠵᠦ ᠶ᠋ᠢᠨ ᠲᠤᠬᠠᠢ ᠦᠯᠢᠭᠡᠷ ᠳᠣᠮᠣᠭ ᠢ᠋ ᠡᠮᠬᠢᠳᠬᠡᠯ ᠳ᠋ᠦ᠍ ᠣᠷᠣᠭᠤᠯᠬᠤ ᠪᠤᠶᠤ ᠰᠢ ᠵᠦᠴᠦᠭᠡ ᠪᠣᠯᠭᠠᠨ ᠵᠣᠬᠢᠶᠠᠬᠤ ᠳ᠋ᠠᠭᠠᠨ ( ᠭᠣᠣᠯᠳᠠᠭᠤ ᠬᠢᠲᠠᠳ ᠢ᠋ᠶ᠋ᠠᠷ ) ᠠᠭᠤᠯᠭ᠎ᠠ ᠦᠵᠡᠯ ᠰᠠᠨᠠᠭ᠎ᠠ ᠶ᠋ᠢ ᠨᠢ ᠥᠭᠡᠷᠡᠲᠦᠭᠦᠯᠦᠨ ᠳᠡᠭᠡᠷᠡᠳᠡᠭᠦᠯᠵᠦ ᠳᠠᠪᠰᠢᠩᠭᠤᠢ ᠶᠠᠭᠤᠮ᠎ᠠ ᠪᠣᠯᠭᠠᠭᠰᠠᠨ ᠪᠠᠢᠳᠠᠭ ᠂ ᠪᠢᠳᠡ ᠬᠠᠷᠢᠨ ᠡᠨᠡ ᠳᠣᠮᠣᠭ ᠢ᠋ᠶ᠋ᠠᠨ ᠰᠢᠳᠤᠷᠭᠤ ᠪᠠᠷ ᠴᠤᠭᠯᠠᠭᠤᠯᠵᠤ ᠦᠨᠡᠨᠴᠢ ᠪᠣᠷ ᠡᠮᠬᠢᠳᠬᠡᠬᠦ ᠶ᠋ᠢ ᠬᠢᠴᠢᠶᠡᠪᠡ᠃
