ᠸᠠᠨ ᠯᠢ-ᠠᠷᠠᠣᠨ ᠦᠨ ᠲᠠᠭᠣᠣ- ᠰᠡᠷᠵᠡ Ван ли-арүүнийн дуу-Serjee ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠸᠠᠨ ᠯᠢ-ᠠᠷᠠᠣᠨ ᠦᠨ ᠲᠠᠭᠣᠣ- ᠰᠡᠷᠵᠡ Ван ли-арүүнийн дуу-Serjee

ᠸᠠᠨ ᠯᠢ-ᠠᠷᠠᠣᠨ ᠦᠨ ᠲᠠᠭᠣᠣ- ᠰᠡᠷᠵᠡ Ван ли-арүүнийн дуу-Serjee

2024-02-22

2462

ᠸᠠᠨ ᠯᠢ 


          ᠠᠷᠠᠳ  ᠤ᠋ᠨ ᠳᠠᠭᠤᠤ 
          ᠳᠠᠭᠤᠴᠢᠨ᠄ ᠰᠡᠷᠵᠡ 

ᠠᠭᠠᠰᠢ ᠪᠠᠢᠭ᠎ᠠ ᠸᠠᠨ ᠯᠢ ᠭᠡᠳᠡᠭ ᠴᠢᠨᠢ ᠠᠮᠠᠷᠠᠭ  ᠤ᠋ᠨ ᠰᠡᠳᠬᠢᠯ ᠬᠦ᠋  
ᠠᠭᠠᠷ ᠲᠩᠷᠢ  ᠶ᠋ᠢᠨ ᠳᠥᠷᠪᠡᠨ ᠳᠠᠭᠢᠨᠢ  ᠶ᠋ᠢᠨ ᠨᠢᠭᠡᠨ ᠯᠡ ᠭᠡᠨ᠎ᠡ ᠰᠢᠦ ᠬᠦ᠋  
ᠠᠭᠠᠰᠢ ᠪᠠᠢᠭ᠎ᠠ ᠸᠠᠨ ᠯᠢ ᠬᠤᠸᠠᠷ  ᠤ᠋ᠨ ᠪᠤᠶᠠᠨ ᠬᠡᠰᠢᠭ ᠳ᠋ᠠ ᠯᠠᠮᠠ ᠴᠢᠨᠢ ᠬᠦ᠋ 
ᠠᠷᠤ  ᠶ᠋ᠢᠨ ᠬᠡᠢᠳ  ᠦ᠋ᠨ ᠸᠠᠨ ᠯᠢ ᠰᠢᠲᠦᠭᠡᠨ  ᠦ᠌ ᠨᠢᠭᠡᠨ ᠯᠡ ᠭᠡᠨ᠎ᠡ ᠰᠢᠦ ᠬᠦ᠋ 

ᠵᠠᠭᠠᠳᠠᠯ ᠦᠰᠦ  ᠪᠡᠨ ᠬᠠᠭᠠᠯᠤᠭᠰᠠᠨ ᠰᠠᠢᠬᠠᠨ ᠴᠤ᠌ ᠸᠠᠨ ᠯᠢ ᠬᠦ᠋  
ᠵᠠᠬ᠎ᠠ  ᠲᠠᠢ ᠲᠣᠷᠭ᠎ᠠ  ᠶ᠋ᠢ ᠡᠮᠦᠰᠦᠭᠰᠡᠨ ᠰᠠᠢᠬᠠᠨ ᠴᠤ᠌ ᠸᠠᠨ ᠯᠢ  ᠬᠦ᠋ 
ᠵᠠᠬ᠎ᠠ  ᠶ᠋ᠢᠨ ᠰᠦᠮ᠎ᠡ  ᠶ᠋ᠢᠨ ᠪᠤᠶᠠᠨ ᠬᠡᠰᠢᠭ ᠦᠵᠡᠪᠡᠯ ᠵᠠᠩᠭᠢᠷᠴᠤ ᠦᠬᠦᠮᠡᠷ ᠸᠠᠨ ᠯᠢ ᠬᠦ᠋
ᠵᠠᠯᠠᠭᠤᠴᠤᠳ ᠲᠡᠭᠦᠨ  ᠢ᠋ ᠦᠵᠡᠭᠡᠳ ᠬᠠᠷᠠᠯᠠᠮᠠᠷ ᠸᠠᠨ ᠯᠢ ᠬᠦ᠋

ᠬᠠᠷ᠎ᠠ ᠦᠰᠦ  ᠪᠡᠨ ᠬᠠᠭᠠᠯᠤᠭᠰᠠᠨ ᠰᠠᠢᠬᠠᠨ ᠴᠤ᠌ ᠸᠠᠨ ᠯᠢ ᠬᠦ᠋
ᠬᠠᠮᠪᠤ ᠲᠣᠷᠭ᠎ᠠ  ᠶ᠋ᠢ ᠡᠮᠦᠰᠦᠭᠰᠡᠨ ᠰᠠᠢᠬᠠᠨ ᠴᠤ᠌ ᠸᠠᠨ ᠯᠢ ᠬᠦ᠋
ᠬᠠᠭᠠᠯᠭᠠᠲᠤ ᠰᠦᠮ᠎ᠡ  ᠶ᠋ᠢᠨ ᠪᠤᠶᠠᠨ ᠬᠡᠰᠢᠭ ᠦᠵᠡᠪᠡᠯ ᠬᠠᠬᠠᠵᠤ ᠦᠬᠦᠮᠡᠷ ᠸᠠ ᠯᠢ ᠬᠦ᠋
ᠬᠠᠮᠤᠭ ᠣᠯᠠᠨ ᠵᠠᠯᠠᠭᠤᠴᠤᠳ ᠬᠠᠷᠠᠭᠠᠳ ᠬᠠᠷᠠᠯᠠᠮᠠᠷ ᠸᠠᠨ ᠯᠢ ᠬᠦ᠋

     ᠦᠰᠦᠭ ᠬᠠᠲᠠᠵᠤ ᠠᠮᠢᠯᠠᠭᠤᠯᠤᠭᠰᠠᠨ ᠨᠢ ᠠᠯᠲᠠᠨᠴᠢᠮᠡᠭ
     ᠬᠢᠨᠠᠭᠴᠢ᠄ ᠭᠦᠩᠭᠠᠷ