ᠴᠢᠩᠭᠢᠰ ᠬᠠᠭᠠᠨ ᠺᠢᠨᠣ᠋ ᠶᠢᠨ ᠳᠠᠭᠤᠤ02-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨ ᠺᠢᠨᠣ᠋ ᠶᠢᠨ ᠳᠠᠭᠤᠤ02-ᠮᠠᠨᠳᠤᠬᠤ ᠪᠠᠭᠰᠢ ᠶᠢᠨ ᠤᠷᠠᠨ ᠪᠢᠴᠢᠯᠭᠡ

ᠴᠢᠩᠭᠢᠰ ᠬᠠᠭᠠᠨ ᠺᠢᠨᠣ᠋ ᠶᠢᠨ ᠳᠠᠭᠤᠤ02-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-02-22

603

ᠴᠢᠩᠭᠢᠰ ᠬᠠᠭᠠᠨ ᠺᠢᠨᠣ᠋ ᠶᠢᠨ ᠳᠠᠭᠤᠤ 02

ᠰᠠᠶ᠎ᠠ ᠲᠦᠮᠡᠨ ᠪᠤᠭᠤᠷᠤᠯ ᠤ᠋ᠨ ᠳᠣᠮᠣᠭ 
ᠰᠠᠯᠬᠢᠨ ᠤ᠋ ᠠᠶ᠎ᠠ ᠪᠠᠷ ᠬᠤᠢᠯᠠᠷᠠᠭᠠᠳ ᠪᠠᠢᠨ᠎ᠠ 
ᠪᠣᠭᠳᠠ ᠴᠢᠩᠭᠢᠰ ᠦ᠋ᠨ ᠦᠯᠢᠭᠡᠷ ᠲᠡᠦᠬᠡ 
ᠪᠠᠭᠠᠲᠤᠷᠯᠢᠭ ᠲᠤᠤᠯᠢ ᠬᠠᠢᠯᠠᠭᠠᠳ ᠪᠠᠢᠨ᠎ᠠ᠃ 

ᠲᠦᠮᠡᠨ ᠠᠭᠲᠠ ᠶ᠋ᠢᠨ ᠲᠦᠪᠡᠷᠭᠡᠨ ᠢ᠋ᠶ᠋ᠡᠷ 
ᠲᠢᠪ ᠳᠡᠯᠡᠬᠡᠢ ᠶ᠋ᠢ ᠬᠣᠷᠢᠶᠠᠨ ᠡᠵᠡᠮᠳᠡᠭᠰᠡᠨ 
ᠥᠷᠯᠥᠭ ᠦᠢᠯᠡᠰ ᠦ᠋ᠨ ᠴᠢᠨᠢ ᠠᠯᠳᠠᠷ ᠭᠠᠪᠢᠶ᠎ᠠ ᠶ᠋ᠢ 
ᠦᠷ᠎ᠡ ᠬᠣᠢᠴᠢᠰ ᠴᠢᠨᠢ ᠵᠢᠷᠦᠬᠡᠨ ᠳ᠋ᠡᠭᠡᠨ ᠰᠡᠢᠯᠦᠭᠡᠳ ᠪᠠᠢᠨ᠎ᠠ᠃ 
ᠠ ᠬᠠ ᠬᠥ᠁
ᠵᠤᠯᠠᠢ ᠵᠥᠭᠡᠯᠡᠨ ᠨᠢᠯᠬᠠᠰ ᠤ᠋ᠨ ᠴᠣᠭᠴᠠᠰ
ᠰᠥᠰᠥ ᠵᠣᠷᠢᠭ ᠢ᠋ᠶ᠋ᠠᠷ ᠴᠢᠨᠢ ᠰᠢᠨᠳᠠᠰᠤᠯᠢᠭ ᠪᠠᠢᠨ᠎ᠠ
ᠵᠤᠤᠵᠠᠢ ᠬᠣᠯᠪᠣᠭᠰᠠᠨ ᠮᠠᠯᠴᠢᠳ ᠤ᠋ᠨ ᠴᠢᠷᠠᠢ
ᠰᠤᠤ ᠪᠢᠯᠢᠭ ᠢ᠋ᠶ᠋ᠡᠷ ᠴᠢᠨᠢ ᠮᠦᠰᠢᠶᠡᠭᠡᠳ ᠪᠠᠢᠨ᠎ᠠ᠃

ᠲᠤᠯᠭ᠎ᠠ ᠪᠠᠨ ᠮᠠᠨᠠᠭᠰᠠᠨ ᠲᠠᠢᠪᠤᠩ ᠵᠡᠭᠦᠳᠦ ᠶ᠋ᠢ
ᠲᠤᠭᠤᠷᠠᠢ ᠶ᠋ᠢᠨ ᠴᠢᠮᠡᠭᠡ ᠴᠢᠨᠢ ᠰᠡᠷᠢᠭᠡᠭᠡᠳ ᠪᠠᠢᠨ᠎ᠠ
ᠲᠤᠯᠭ᠎ᠠ ᠪᠠᠨ ᠮᠠᠨᠠᠭᠰᠠᠨ ᠲᠠᠢᠪᠤᠩ ᠵᠡᠭᠦᠳᠦ ᠶ᠋ᠢ
ᠲᠤᠭᠤᠷᠠᠢ ᠶ᠋ᠢᠨ ᠴᠢᠮᠡᠭᠡ ᠴᠢᠨᠢ ᠰᠡᠷᠢᠭᠡᠭᠡᠳ ᠪᠠᠢᠨ᠎ᠠ᠃
ᠲᠤᠯᠭ᠎ᠠ ᠪᠠᠨ ᠮᠠᠨᠠᠭᠰᠠᠨ ᠲᠠᠢᠪᠤᠩ ᠵᠡᠭᠦᠳᠦ ᠶ᠋ᠢ
ᠲᠤᠭᠤᠷᠠᠢ ᠶ᠋ᠢᠨ ᠴᠢᠮᠡᠭᠡ ᠴᠢᠨᠢ ᠰᠡᠷᠢᠭᠡᠭᠡᠳ ᠪᠠᠢᠨ᠎ᠠ᠃

ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ