ᠪᠢᠴᠢᠶ᠎ᠡ- ᠰᠢᠪᠠᠭᠤᠴᠢᠨ᠂ ᠠᠯᠲᠠᠨᠲᠤᠯᠭᠠᠭᠤᠷᠢ ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢᠴᠢᠶ᠎ᠡ- ᠰᠢᠪᠠᠭᠤᠴᠢᠨ᠂ ᠠᠯᠲᠠᠨᠲᠤᠯᠭᠠᠭᠤᠷᠢ

ᠪᠢᠴᠢᠶ᠎ᠡ- ᠰᠢᠪᠠᠭᠤᠴᠢᠨ᠂ ᠠᠯᠲᠠᠨᠲᠤᠯᠭᠠᠭᠤᠷᠢ

2024-02-22

332

ᠪᠢᠴᠢᠶ᠎ᠡ

      ᠰᠢᠪᠠᠭᠤᠴᠢᠨ᠂ ᠠᠯᠲᠠᠨᠲᠤᠯᠭᠠᠭᠤᠷᠢ 

ᠲᠠᠯ᠎ᠠ ᠶ᠋ᠢᠨ ᠤᠶᠠᠩᠭ᠎ᠠ ᠲᠠᠢ ᠬᠥᠳᠡᠭᠡ ᠪᠡᠨ ᠪᠢᠴᠢᠶ᠎ᠡ 
ᠲᠠᠪᠤᠨ ᠬᠣᠰᠢᠭᠤ ᠮᠠᠯ ᠤ᠋ᠨ ᠢ᠋ᠶ᠋ᠠᠨ ᠥᠨᠢᠷ ᠥᠰᠦᠯᠲᠡ ᠶ᠋ᠢ ᠪᠢᠴᠢᠶ᠎ᠡ 
ᠳᠠᠢᠴᠢᠨ ᠳᠠᠭᠠᠭᠤᠯᠤᠯᠭ᠎ᠠ ᠲᠠᠢ《ᠪᠣᠷᠣ ᠰᠢᠯᠦᠭ ᠬᠣᠯᠪᠣᠭ᠎ᠠ》 ᠪᠠᠨ ᠪᠢᠴᠢᠶ᠎ᠡ 
ᠳᠠᠷᠬᠠᠨ ᠨᠠᠢᠷᠠᠭᠴᠢᠳ ᠤ᠋ᠨ ᠢ᠋ᠶ᠋ᠠᠨ ᠰᠣᠳᠣᠨ ᠦᠢᠯᠡᠰ ᠢ᠋ ᠪᠢᠴᠢᠶ᠎ᠡ 

ᠳᠥᠷᠪᠡᠨ ᠤᠯᠠᠷᠢᠯ ᠤ᠋ᠨ ᠢ᠋ᠶ᠋ᠠᠨ ᠴᠠᠭ ᠤ᠋ᠨ ᠬᠤᠪᠢᠷᠠᠯ ᠢ᠋ ᠪᠢᠴᠢᠶ᠎ᠡ 
ᠲᠡᠭᠷᠢ ᠶ᠋ᠢᠨ ᠰᠠᠯᠬᠢ ᠲᠡᠭᠰᠢ ᠪᠤᠰᠤ ᠶ᠋ᠢ ᠪᠢᠴᠢᠶ᠎ᠡ 
ᠲᠡᠭᠷᠢᠯᠢᠭ ᠵᠠᠶᠠᠭ᠎ᠠ ᠲᠠᠢ ᠰᠣᠯᠣᠩᠭᠠᠨ ᠥᠩᠭᠡ ᠶ᠋ᠢ ᠪᠢᠴᠢᠶ᠎ᠡ 
ᠲᠡᠦᠬᠡ ᠬᠦᠦᠷᠨᠢᠭᠰᠡᠨ ᠡᠷᠳᠡᠨᠢ ᠶ᠋ᠢᠨ ᠲᠣᠪᠴᠢ ᠶ᠋ᠢ ᠪᠢᠴᠢᠶ᠎ᠡ 

ᠰᠢᠯᠦᠭ ᠳᠠᠭᠤᠯᠠᠯ ᠢᠷᠠᠭᠤ ᠨᠠᠢᠷᠠᠭ ᠢ᠋ᠶ᠋ᠠᠨ ᠨᠡᠩ ᠣᠯᠠᠨ ᠪᠢᠴᠢᠶ᠎ᠡ
ᠰᠢᠵᠢᠷ ᠨᠠᠷᠠᠨ ᠰᠥᠨᠢ ᠶ᠋ᠢᠨ ᠰᠠᠷᠠ ᠲᠠᠢ ᠵᠦᠢᠷᠯᠡᠵᠦ ᠪᠢᠴᠢᠶ᠎ᠡ
ᠰᠡᠳᠬᠢᠯ ᠳᠦᠭᠦᠷᠡᠩ ᠬᠦᠰᠡᠯ ᠮᠥᠷᠥᠭᠡᠳᠦᠯ ᠢ᠋ᠶ᠋ᠡᠨ ᠢᠯᠡᠳᠬᠡᠨ ᠪᠢᠴᠢᠶ᠎ᠡ
ᠰᠢᠨ᠎ᠡ ᠡᠷᠡᠨ ᠦ᠌ ᠵᠠᠯᠠᠭᠤᠴᠤᠳ ᠤ᠋ᠨ ᠢ᠋ᠶ᠋ᠠᠨ ᠬᠡᠢᠮᠣᠷᠢᠯᠢᠭ ᠢ᠋ ᠵᠥᠩᠨᠡᠨ ᠪᠢᠴᠢᠶ᠎ᠡ
                   2024. 1. 14
   ᠦᠰᠦᠭ ᠠᠮᠢᠯᠠᠭᠤᠯᠤᠭᠰᠠᠨ ᠨᠢ᠄ ᠣᠳᠬᠣᠨᠴᠡᠴᠡᠭ