ᠮᠣᠩᠭᠣᠯ ᠬᠡᠯᠡ ᠪᠡᠨ – ᠬᠣᠷᠴᠢᠨ Монгол хэлээ – Хорчин ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠬᠡᠯᠡ ᠪᠡᠨ – ᠬᠣᠷᠴᠢᠨ Монгол хэлээ – Хорчин

ᠮᠣᠩᠭᠣᠯ ᠬᠡᠯᠡ ᠪᠡᠨ – ᠬᠣᠷᠴᠢᠨ Монгол хэлээ – Хорчин

2024-02-21

475

ᠮᠣᠩᠭᠣᠯ ᠬᠡᠯᠡ ᠪᠡᠨ


                 ᠬᠣᠷᠴᠢᠨ   
 ᠥᠷᠯᠥᠭᠡ ᠪᠣᠯᠭᠠᠨ ᠮᠣᠩᠭᠣᠯ ᠶ᠋ᠢᠠᠷ ᠶ᠋ᠢᠠᠨ ᠮᠡᠨᠳᠦᠴᠢᠯᠡᠵᠦ ᠪᠠᠶ᠋ᠢᠶ᠎ᠠ
 ᠥᠪᠡᠷ ᠦ᠋ᠨ ᠪᠡᠶ᠎ᠡ ᠶ᠋ᠢᠨ ᠬᠡᠶ᠋ᠢᠮᠣᠷᠢ ᠮᠠᠨᠳᠤᠵᠤ ᠬᠡᠰᠢᠭ ᠳᠡᠯᠭᠡᠷᠡᠨ᠎ᠡ 
 ᠡᠳᠦᠷ ᠪᠦᠷᠢ ᠢᠷᠠᠭᠤ ᠨᠠᠶ᠋ᠢᠷᠠᠭ ᠶ᠋ᠢᠠᠨ ᠤᠩᠰᠢᠵᠤ ᠪᠠᠶ᠋ᠢᠶ᠎ᠠ
 ᠡᠪᠴᠢᠭᠦᠦ ᠴᠡᠭᠡᠵᠢ ᠶ᠋ᠢᠨ ᠣᠢ ᠪᠢᠯᠢᠭ ᠰᠠᠷᠠᠭᠤᠯᠵᠢᠨ ᠨᠡᠭᠡᠭᠡᠭᠳᠡᠨ᠎ᠡ 
 ᠡᠳᠦᠷ ᠡᠳᠦᠷ ᠬᠠᠯᠠᠰᠢᠷᠠᠯ ᠦᠭᠡᠢ ᠮᠣᠩᠭᠣᠯ ᠰᠢᠯᠦᠭ ᠶ᠋ᠢᠡᠨ ᠪᠢᠴᠢᠶ᠎ᠡ
 ᠡᠷᠢᠯ ᠬᠦᠰᠡᠯ ᠦ᠋ᠨ ᠢᠷᠡᠭᠡᠳᠦᠢ ᠠᠰ ᠪᠣᠰᠤᠭ᠎ᠠ ᠪᠠᠷ ᠶ᠋ᠢᠠᠨ ᠮᠥᠩᠬᠡᠷᠡᠨ᠎ᠡ 

 ᠡᠷᠲᠡ ᠳᠡᠭᠡᠳᠦᠰ ᠦ᠋ᠨ ᠮᠢᠨᠢ ᠡᠭᠦᠰᠬᠡᠨ ᠭᠡᠶ᠋ᠢᠭᠦᠯᠦᠭᠰᠡᠨ 
 ᠮᠣᠩᠭᠣᠯ ᠬᠡᠯᠡ ᠪᠡᠨ ᠣᠷᠬᠢᠵᠤ ᠬᠠᠶᠠᠪᠠᠯ 
 ᠦᠷ᠎ᠡ ᠬᠣᠶ᠋ᠢᠴᠢᠰ ᠲᠠᠭᠠᠨ ᠮᠠᠨᠤᠰ ᠶᠠᠯᠠᠲᠠᠢ
 ᠦᠶ᠎ᠡ ᠶ᠋ᠢᠨ ᠦᠶ᠎ᠡ ᠤᠯᠠᠮᠵᠢᠯᠠᠵᠤ ᠬᠥᠭᠵᠢᠭᠦᠯᠬᠦ ᠨᠢ ᠡᠭᠦᠷᠭᠡ ᠬᠠᠷᠭᠤᠴᠠᠯᠭ᠎ᠠ
 ᠪᠤᠮᠠᠨ ᠣᠨ ‍ᠤ ᠲᠡᠦᠬᠡ ᠱᠠᠰᠲᠢᠷ ᠊ᠢ ᠮᠢᠨᠢ ᠲᠡᠮᠳᠡᠭᠯᠡᠵᠦ ᠥᠭᠭᠦᠭᠰᠡᠨ
 ᠪᠤᠯᠠᠭ ᠦ᠋ᠨ ᠤᠰᠤᠨ ᠠ᠋ᠴᠠ ᠴᠤ᠌ ᠢᠷᠠᠭᠤ ᠲᠤᠩᠭᠠᠯᠠᠭ ᠮᠣᠩᠭᠣᠯ ᠬᠡᠯᠡ ᠪᠡᠨ
 ᠪᠤᠭᠤᠷᠤᠯ ᠪᠣᠯᠲᠠᠯ᠎ᠠ ᠰᠤᠳᠤᠯᠵᠤ ᠰᠢᠨᠵᠢᠯᠡᠨ ᠮᠠᠨᠳᠤᠭᠤᠯᠤᠨ ᠪᠠᠳᠠᠷᠠᠭᠤᠯᠤᠶ᠎ᠠ!
                               2024᠂ 2᠂ 6

      ᠬᠣᠷᠴᠢᠨ ‍ᠤ ᠪᠢᠴᠢᠭᠰᠡᠨ ᠊ᠢ
        ᠲᠩᠷᠢ ᠡᠵᠢ ᠠᠮᠢᠯᠠᠭᠤᠯᠤᠨ ᠬᠠᠭᠤᠯᠪᠠ
                       2024᠂ 2᠂ 9 ‍ᠤ ᠡᠳᠦᠷ