ᠴᠢᠩᠭᠢᠰ ᠬᠠᠭᠠᠨ ᠺᠢᠨᠣ᠋ ᠶᠢᠨ ᠳᠠᠭᠤᠤ01-ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢᠩᠭᠢᠰ ᠬᠠᠭᠠᠨ ᠺᠢᠨᠣ᠋ ᠶᠢᠨ ᠳᠠᠭᠤᠤ01-ᠮᠠᠨᠳᠤᠬᠤ ᠪᠠᠭᠰᠢ ᠶᠢᠨ ᠤᠷᠠᠨ ᠪᠢᠴᠢᠯᠭᠡ

ᠴᠢᠩᠭᠢᠰ ᠬᠠᠭᠠᠨ ᠺᠢᠨᠣ᠋ ᠶᠢᠨ ᠳᠠᠭᠤᠤ01-ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-02-21

425

ᠲᠠᠯ᠎ᠠ ᠨᠤᠲᠤᠭ

ᠭᠠᠵᠠᠷ ᠳᠡᠯᠡᠬᠡᠢ ᠶ᠋ᠢ ᠳᠣᠩᠰᠣᠯᠭᠠᠭᠰᠠᠨ ᠠᠯᠳᠠᠷ ᠲᠠᠢ 
ᠭᠠᠩ ᠲᠤᠭᠤᠷᠠᠢᠲᠤ ᠬᠦᠯᠦᠭ ᠮᠣᠷᠢᠳ ᠮᠢᠨᠢ 
ᠭᠠᠯᠪᠠ ᠳ᠋ᠤ᠌ ᠬᠣᠣᠰ ᠦᠭᠡᠢ ᠠᠯᠳᠠᠷ ᠲᠠᠢ ᠭᠠᠷᠮᠠᠭᠠᠢ ᠪᠠᠭᠠᠲᠤᠷ ᠤ᠋ᠳ ᠮᠢᠨᠢ 
ᠨᠠᠴᠢᠨ ᠱᠣᠩᠬᠣᠷ ᠰᠢᠪᠠᠭᠤᠨ ᠤ᠋ ᠲᠠᠪᠢᠯᠲᠠ ᠪᠠᠷ 
ᠬᠠᠯᠢᠨ ᠳᠡᠭᠦᠯᠢᠨ ᠠᠢᠰᠤᠢ ᠯᠠ ᠪᠠᠢᠨ᠎ᠠ 

ᠥᠯᠥᠭᠡᠢ ᠮᠢᠨᠢ ᠨᠤᠲᠤᠭ ᠮᠢᠨᠢ 
ᠥᠩᠰᠢᠭ ᠰᠠᠢᠬᠠᠨ ᠪᠡᠯᠴᠢᠭᠡᠷ ᠲᠡᠢ 
ᠥᠷᠭᠡᠨ ᠶᠡᠬᠡ ᠲᠠᠯ᠎ᠠ ᠨᠤᠲᠤᠭ ᠮᠢᠨᠢ 

ᠤᠭᠤᠷᠠᠭ ᠴᠠᠭᠠᠨ ᠡᠭᠦᠯᠡ ᠨᠢ ᠡᠪᠬᠡᠷᠡᠭᠡᠳ
ᠤᠰᠤᠨ ᠤ᠋ ᠲᠤᠩᠭᠠᠯᠠᠭ ᠲᠤ ᠠᠭᠤᠯᠠ ᠨᠢ ᠬᠥᠬᠡᠷᠡᠭᠡᠳ
ᠤᠷᠤᠰᠬᠠᠯ ᠳᠣᠯᠭᠢᠶᠠᠨ ᠭᠣᠣᠯ ᠮᠥᠷᠡᠨ ᠨᠦ᠍ᠭᠦᠳ
ᠡᠬᠡ ᠶ᠋ᠢᠨ ᠰᠦ ᠰᠢᠭ ᠡᠷᠳᠡᠨᠢ ᠶ᠋ᠢᠨ ᠷᠠᠰᠢᠶᠠᠨ

ᠤᠷᠲᠤ ᠶ᠋ᠢᠨ ᠳᠠᠭᠤᠤ ᠰᠢᠭ᠋ ᠰᠠᠯᠬᠢᠨ ᠤ᠋ ᠢᠰᠬᠡᠷᠦᠭᠡ
ᠤᠷᠠᠨ ᠭᠣᠶᠣᠬᠠᠨ ᠲᠠᠯ᠎ᠠ ᠶ᠋ᠢᠨ ᠵᠢᠷᠭᠢᠷ᠎ᠡ
ᠤᠷᠭᠤᠮᠠᠯ ᠴᠡᠴᠡᠭ ᠳᠡᠯᠭᠡᠷᠡᠭᠰᠡᠨ
ᠠᠭᠤᠳᠠᠮ ᠲᠠᠯ᠎ᠠ ᠮᠢᠨᠢ
ᠲᠠᠪᠤᠨ ᠡᠷᠳᠡᠨᠢ ᠶ᠋ᠢᠨ ᠮᠠᠯ ᠰᠦᠷᠦᠭ ᠳᠠᠷᠬᠠᠨ ᠪᠡᠯᠴᠢᠨ᠎ᠡ

ᠲᠠᠯ᠎ᠠ ᠮᠢᠨᠢ ᠨᠤᠲᠤᠭ ᠮᠢᠨᠢ
ᠮᠣᠷᠢᠨ ᠬᠤᠭᠤᠷ ᠤ᠋ᠨ ᠡᠬᠡᠰᠢᠭ ᠲᠡᠢ
ᠮᠣᠷᠢᠲᠠᠨ ᠪᠠᠭᠠᠲᠤᠷ ᠤ᠋ᠨ ᠳᠠᠭᠤᠤ ᠶ᠋ᠢ ᠰᠢᠩᠭᠡᠭᠡᠷᠡᠢ
ᠥᠨᠢᠳᠡ ᠪᠡᠨ ᠰᠢᠩᠭᠡᠭᠡᠷᠡᠢ
        ᠠ᠁

ᠭᠠᠯᠪᠠ ᠳᠡᠯᠡᠬᠡᠢ ᠶᠢᠷᠲᠢᠨᠴᠦ ᠶ᠋ᠢᠨ ᠠᠮᠢᠲᠠᠨ ᠪᠦᠬᠦᠨ ᠢ᠋
ᠰᠠᠨᠰᠠᠷ ᠬᠣᠷᠸ᠎ᠠ ᠰᠠᠷᠠ ᠨᠠᠷᠠ ᠭᠡᠢᠭᠦᠯᠦᠨ᠎ᠡ
ᠰᠠᠢᠬᠠᠨ ᠰᠡᠳᠬᠢᠯᠲᠦ ᠠᠷᠠᠳ ᠤ᠋ᠨ ᠵᠠᠶᠠᠭ᠎ᠠ ᠲᠠᠪᠢᠯᠠᠩ
ᠰᠠᠷᠠᠭᠤᠯ ᠣᠷᠴᠢᠯᠠᠩ ᠳ᠋ᠤ᠌ ᠬᠡᠪ ᠢ᠋ᠶ᠋ᠡᠷ ᠢ᠋ᠶ᠋ᠡᠨ ᠪᠠᠢᠭ

ᠬᠠᠪᠤᠷ ᠨᠠᠮᠤᠷ ᠤᠯᠠᠷᠢᠨ ᠥᠩᠭᠡᠷᠡᠭᠡᠳ
ᠬᠠᠭᠳᠠ ᠨᠣᠭᠣᠭ᠎ᠠ ᠬᠠᠮᠤᠭ ᠪᠣᠳᠠᠰ ᠠᠮᠢᠯᠠᠨ ᠰᠡᠷᠭᠦᠨ᠎ᠡ
ᠬᠠᠯᠠᠭᠤᠨ ᠰᠡᠳᠬᠢᠯᠲᠦ ᠠᠷᠠᠳ ᠤ᠋ᠨ ᠠᠤᠭ᠎ᠠ ᠬᠦᠰᠡᠯᠡᠩ
ᠥᠷᠭᠡᠨ ᠲᠠᠯ᠎ᠠ ᠰᠢᠭ᠋ ᠠᠭᠤᠳᠠᠮ ᠪᠠᠢᠭ ᠠ᠋
ᠥᠯᠥᠭᠡᠢ ᠨᠤᠲᠤᠭ ᠮᠢᠨᠢ ᠥᠷᠭᠡᠨ ᠲᠠᠯ᠎ᠠ ᠮᠢᠨᠢ
ᠦᠶ᠎ᠡ ᠶ᠋ᠢᠨ ᠦᠶ᠎ᠡ ᠪᠡᠷ ᠢ᠋ᠶ᠋ᠡᠨ ᠥᠷᠭᠡᠨ ᠲᠠᠯ᠎ᠠ ᠳ᠋ᠠᠭᠠᠨ
ᠠᠮᠢᠳᠤᠷᠠᠨ ᠵᠢᠷᠭᠠᠨ᠎ᠠ ᠳᠠ

ᠦᠰᠦᠭ ᠠᠮᠢᠯᠠᠭᠤᠯᠤᠭᠴᠢ᠄ ᠨᠠᠨᠵᠢᠮ᠎ᠠ᠂ᠮᠣᠩᠭᠣᠯ ᠰᠦᠨᠡᠰᠦ 
ᠬᠢᠨᠠᠭᠴᠢ᠄ ᠲ· ᠬᠦᠮᠦᠵᠢᠯᠲᠦ᠂ ᠣᠳᠬᠠᠨᠰᠣ᠎ᠠ