ᠡᠢᠮᠦ ᠤᠴᠢᠷ ᠲᠠᠢИйм очиртой
ᠡᠢᠮᠦ ᠤᠴᠢᠷ ᠲᠠᠢ
ᠵᠠ᠂ ᠡᠨᠡ ᠮᠠᠯᠠᠭᠠᠨ ᠤ᠋ ᠤᠳᠬ᠎ᠠ ᠨᠢ ᠪᠣᠯ ᠬᠡᠴᠡᠭᠦᠦ ᠡᠢᠮᠦ ᠤᠴᠢᠷ ᠲᠠᠢ ᠪᠠᠢᠬᠤ ᠦᠭᠡᠢ ᠶᠣ᠌! ᠡᠨᠡ ᠤᠷᠲᠤ ᠵᠠᠯᠠᠭ᠎ᠠ ᠨᠢ ᠪᠣᠯᠬᠣᠷ ᠡᠷ᠎ᠡ ᠵᠣᠷᠢᠭ᠂ ᠪᠣᠭᠣᠨᠢᠬᠠᠨ ᠨᠢ ᠪᠣᠯᠬᠣᠷ ᠡᠷᠬᠡ ᠴᠢᠯᠥᠭᠡ᠂ ᠪᠢᠳᠡ ᠨᠠᠷ ᠡᠷ᠎ᠡ ᠵᠣᠷᠢᠭ ᠢ᠋ᠶ᠋ᠠᠷ ᠢ᠋ᠶ᠋ᠠᠨ ᠡᠷᠬᠡ ᠴᠢᠯᠥᠭᠡᠨ ᠳ᠋ᠦ᠍ ᠬᠦᠷᠦᠨ᠎ᠡ ᠭᠡᠰᠡᠨ ᠪᠡᠯᠭᠡᠳᠡᠯ ᠤᠳᠬ᠎ᠠ ᠲᠠᠢ᠂ ᠡᠨᠡ ᠣᠯᠵᠤ ᠠᠪᠤᠭᠰᠠᠨ ᠡᠷᠬᠡ ᠴᠢᠯᠥᠭᠡ ᠮᠠᠨᠢ ᠮᠥᠩᠬᠡ ᠬᠥᠬᠡ ᠲᠩᠷᠢ ᠰᠢᠭ ᠦᠷᠭᠦᠯᠵᠢᠳᠡ ᠮᠥᠩᠬᠡᠳᠡ ᠪᠠᠢᠨ᠎ᠠ ᠭᠡᠰᠡᠨ ᠪᠡᠯᠭᠡᠳᠡᠯ ᠨᠢ ᠡᠨᠡᠬᠦ ᠬᠥᠬᠡ ᠥᠩᠭᠡ᠂ ᠡᠨᠡ ᠤᠯᠠᠭᠠᠨ ᠥᠩᠭᠡ ᠨᠢ ᠪᠣᠯᠬᠣᠷ ᠮᠣᠩᠭᠣᠯᠴᠤᠳ ᠤ᠋ᠨ ᠵᠣᠷᠢᠭ ᠵᠢᠷᠦᠬᠡ ᠨᠢ ᠭᠠᠯ ᠰᠢᠭ᠋ ᠪᠠᠳᠮᠠᠯᠠᠵᠤ᠂ ᠭᠠᠯ ᠰᠢᠭ᠋ ᠳᠦᠷᠡᠯᠵᠡᠵᠦ ᠶᠠᠪᠤᠬᠤ ᠶ᠋ᠢ ᠪᠡᠯᠭᠡᠳᠡᠵᠡᠢ᠃ ᠡᠨᠡ ᠵᠠᠩᠭᠢᠯᠠᠭ᠎ᠠ ᠪᠣᠯᠬᠣᠷ ᠠᠷᠤ᠂ ᠥᠪᠥᠷ᠂ ᠳᠤᠸᠠ᠂ ᠪᠤᠷᠢᠶᠠᠳ᠂ ᠬᠠᠯᠢᠮᠠᠭ ᠲᠠᠪᠤᠨ ᠮᠣᠩᠭᠣᠯᠴᠤᠳ ᠡᠨᠡ ᠵᠠᠩᠭᠢᠯᠠᠭ᠎ᠠ ᠰᠢᠭ᠋ ᠡᠪ ᠨᠢᠭᠡᠳᠦᠯ ᠲᠡᠢ ᠪᠠᠢᠬᠤ ᠶᠣᠰᠣᠲᠠᠢ ᠭᠡᠵᠦ ᠤᠷᠢᠶᠠᠯᠠᠵᠠᠢ᠃ ᠡᠭᠦᠨ ᠦ᠌ ᠵᠢᠩᠬᠢᠨᠢ ᠨᠡᠷ᠎ᠡ ᠨᠢ ᠮᠠᠯᠠᠭᠠᠢ ᠪᠢᠰᠢ᠂ ᠭᠠᠯᠬᠠᠢ ᠭᠡᠨ᠎ᠡ᠃ ᠲᠡᠭᠡᠭᠡᠳ ᠡᠨᠡ ᠮᠠᠯᠠᠭᠠᠢ ᠶ᠋ᠢᠨ ᠪᠦᠬᠦ ᠶᠠᠭᠤᠮ᠎ᠠ ᠬᠡᠮᠵᠢᠶ᠎ᠡ ᠲᠡᠢ᠂ ᠥᠩᠭᠡ ᠤᠳᠬ᠎ᠠ ᠤᠴᠢᠷ ᠢ᠋ ᠥᠭᠡᠷ᠎ᠡ ᠥᠩᠭᠡ ᠪᠡᠷ ᠬᠢᠵᠦ ᠪᠣᠯᠬᠤ ᠦᠭᠡᠢ᠃ ᠲᠡᠭᠡᠭᠡᠳ ᠡᠨᠡ ᠪᠣᠯᠬᠣᠷ ᠰᠠᠢᠨ ᠡᠷ᠎ᠡ ᠬᠥᠮᠦᠨ ᠦ᠌ ᠳᠥᠷᠪᠡᠨ ᠬᠤᠷᠤᠭᠤ ᠶ᠋ᠢᠨ ᠬᠡᠮᠵᠢᠶᠡᠰᠦ ᠪᠡᠷ ᠭᠠᠷᠳᠠᠭ᠃ ᠲᠡᠭᠡᠭᠡᠳ ᠮᠠᠯᠠᠭᠠᠢ ᠨᠢ ᠶᠡᠬᠡᠳᠡᠵᠦ ᠪᠠᠭᠠᠳᠠᠬᠤ ᠤᠴᠢᠷ ᠦᠭᠡᠢ᠃ ᠡᠢᠮᠦ ᠮᠠᠯᠠᠭᠠᠢ ᠰᠢᠭ᠋ ᠰᠠᠭᠤᠬᠤ ᠦᠭᠡᠢ ᠭᠡᠰᠡᠨ ᠦᠭᠡ᠂ ᠪᠦᠴᠨᠨ ᠦ᠌ ᠤᠷᠲᠤ᠂ ᠤᠳᠬ᠎ᠠ ᠤᠴᠢᠷ ᠨᠢ ᠡᠨᠡ ᠪᠠᠢᠬᠤ ᠦᠭᠡᠢ ᠶᠤ᠌! ᠲᠡᠭᠡᠭᠡᠳ ᠮᠢᠨᠦ ᠮᠠᠯᠠᠭᠠᠢ ᠶ᠋ᠢ ᠠᠪᠤᠭᠰᠠᠨ ᠵᠠᠷᠢᠮ ᠬᠥᠮᠦᠰ ᠡᠮᠦᠰᠴᠦ ᠴᠢᠳᠠᠳᠠᠭ ᠦᠭᠡᠢ ᠭᠡᠵᠦ ᠪᠠᠢᠨ᠎ᠠ᠂ ᠢᠩᠭᠢᠵᠦ ᠲᠠᠯᠪᠢᠬᠤᠯᠠᠷ ᠶᠠᠮᠠᠷ ᠥᠭᠡᠳᠡ ᠲᠡᠢ ᠬᠠᠷᠠᠭᠳᠠᠬᠤ ᠪᠣᠢ! ᠬᠥᠮᠦᠰ ᠢᠩᠭᠢᠵᠦ ᠲᠠᠯᠪᠢᠴᠢᠬᠠᠭᠠᠳ ᠪᠠᠭᠠᠳᠠᠭᠠᠳ ᠪᠠᠢᠨ᠎ᠠ ᠭᠡᠳᠡᠭ ᠪᠠᠢᠬᠤ ᠦᠭᠡᠢ ᠶᠣ᠌! ᠲᠡᠢᠮᠦ ᠪᠠᠢᠭ᠎ᠠ ᠪᠢᠵᠡ! ᠦᠭᠡᠢ᠂ ᠡᠨᠡ ᠴᠢᠨᠢ ᠨᠢᠭᠡ ᠬᠥᠮᠥᠰᠬᠡ ᠢᠯᠡ᠂ ᠨᠢᠭᠡ ᠬᠥᠮᠥᠰᠬᠡ ᠵᠠᠪᠠᠯ ᠳᠠᠯᠳᠠ ᠪᠠᠢᠬᠤ ᠶᠣᠰᠣᠲᠠᠢ᠃ ᠲᠡᠭᠡᠭᠡᠳ ᠰᠣᠨᠢᠷᠬᠠᠵᠤ ᠪᠠᠢᠭ᠎ᠠ ᠬᠥᠮᠦᠰ ᠡᠭᠦᠨ ᠢ᠋ ᠢᠩᠭᠢᠵᠦ ᠡᠮᠦᠰᠦᠭᠡᠳ ᠬᠠᠵᠠᠭᠤ ᠳᠠᠰᠢ ᠵᠠᠪᠠᠯ ᠲᠡᠯᠢᠢᠨᠡ᠃ ᠢᠩᠭᠢᠵᠦ ᠡᠮᠦᠰᠬᠦ ᠭᠡᠰᠡᠨ ᠦᠭᠡ᠂ ᠨᠢᠭᠡ ᠬᠥᠮᠥᠰᠬᠡ ᠪᠡᠨ ᠳᠠᠷᠤᠵᠤ᠂ ᠨᠢᠭᠡ ᠬᠥᠮᠥᠰᠬᠡ ᠴᠢᠨᠢ ᠢᠯᠡ ᠬᠠᠷᠠᠭᠳᠠᠵᠤ ᠪᠠᠢᠭ᠎ᠠ ᠪᠢᠵᠡ! ᠲᠡᠭᠡᠬᠦᠯᠡᠷ ᠢᠩᠭᠢᠵᠦ ᠰᠦᠷ ᠣᠷᠣᠨ᠎ᠠ ᠭᠡᠰᠡᠨ ᠦᠭᠡ᠂ ᠲᠡᠭᠡᠭᠡᠳ ᠡᠭᠦᠨ ᠦ᠌ ᠵᠠᠯᠠᠭᠠᠨ ᠤ᠋ ᠤᠷᠲᠤ ᠨᠢ ᠡᠷ᠎ᠡ ᠵᠣᠷᠢᠭ᠂ ᠡᠷᠬᠡ ᠴᠢᠯᠥᠭᠡ ᠶ᠋ᠢ ᠲᠥᠯᠥᠭᠡᠯᠡᠵᠦ ᠪᠠᠢᠬᠤ ᠮᠥᠷᠲᠡᠭᠡᠨ ᠮᠣᠩᠭᠣᠯ ᠡᠷ᠎ᠡ ᠬᠥᠮᠦᠨ ᠦ᠌ ᠳᠣᠲᠣᠷ᠎ᠠ ᠡᠨᠧᠷᠭᠢ᠂ ᠬᠦᠴᠦ ᠴᠢᠳᠠᠯ ᠨᠢ ᠪᠠᠶᠠᠨ ᠤ᠋ ᠪᠠᠨ ᠭᠤᠷᠪᠠᠬᠠᠨ ᠬᠡᠰᠡᠭ ᠢ᠋ᠶ᠋ᠡᠷ ᠭᠠᠷᠳᠠᠭ᠃ ᠲᠡᠷᠡ ᠨᠢ ᠬᠠᠮᠢᠭᠠᠭᠤᠷ ᠭᠠᠷᠳᠠᠭ ᠪᠣᠢ ᠭᠡᠬᠦᠯᠡᠷ ᠡᠨᠡ ᠬᠣᠶᠠᠷ ᠠᠯᠠᠭᠠᠨ ᠤ᠋ ᠳᠤᠮᠳᠠᠭᠤᠷ᠂ ᠠᠷᠤ ᠰᠢᠯᠢᠨ ᠦ᠌ ᠬᠣᠩᠬᠣᠷ ᠢ᠋ᠶ᠋ᠠᠷ᠁ ᠲᠡᠭᠡᠭᠡᠳ ᠡᠨᠧᠷᠭᠢ ᠪᠡᠨ ᠠᠯᠳᠠᠬᠤ ᠦᠭᠡᠢ ᠶ᠋ᠢᠨ ᠲᠤᠯᠠᠳᠠ ᠤᠯᠠᠭᠠᠨ ᠵᠠᠯᠠᠭᠠᠲᠤ ᠮᠣᠩᠭᠣᠯᠴᠤᠳ ᠭᠡᠳᠡᠭ ᠴᠢᠨᠢ ᠠᠷᠤ ᠰᠢᠯᠢᠨ ᠦ᠌ ᠪᠡᠨ ᠬᠣᠩᠬᠣᠷ ᠢ᠋ ᠵᠠᠯᠠᠭ᠎ᠠ ᠪᠠᠷ ᠢ᠋ᠶ᠋ᠠᠨ ᠨᠢᠭᠤᠳᠠᠭ᠃ ᠡᠨᠡ ᠮᠠᠯᠠᠭᠠᠨ ᠤ᠋ ᠪᠦᠬᠦ ᠣᠶᠣᠮᠠᠯ ᠢ᠋ ᠪᠦᠷ ᠥᠪᠡᠷᠲᠡᠭᠡᠨ ᠬᠢᠵᠦ ᠪᠠᠢᠨ᠎ᠠ᠃ ᠲᠡᠭᠡᠬᠦᠯᠡᠷ ᠡᠨᠡ ᠵᠠᠭᠪᠤᠷ ᠢ᠋ ᠳᠠᠬᠢᠨ ᠳᠠᠪᠲᠠᠭᠳᠠᠬᠤ ᠦᠭᠡᠢ ᠭᠡᠰᠡᠨ ᠦᠭᠡ᠂ ᠡᠢᠮᠦ ᠤᠴᠢᠷ ᠲᠠᠢ ᠮᠠᠯᠠᠭᠠᠢ᠃
ᠦᠰᠦᠭ ᠬᠠᠲᠠᠵᠤ ᠠᠮᠢᠯᠠᠭᠤᠯᠤᠭᠴᠢ᠄ ᠬᠠᠷᠠᠭᠳᠠᠨ ᠷ᠂ ᠴᠢᠷᠮᠠᠢᠯᠳᠣ
ᠬᠢᠨᠠᠭᠴᠢ᠄ ᠪᠠᠳᠠᠷᠠᠯᠲᠤ
