ᠵᠠᠯᠠᠭᠤᠰ ᠤᠨ ᠠᠭᠤᠯᠵᠠᠯᠲᠠ ᠶᠢᠨ ᠳᠠᠭᠤᠤ-ᠢᠨᠢᠶᠡᠮᠰᠦᠭᠯᠡᠯ Инээмсэглэл - Залуусын уулзалтын дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠠᠯᠠᠭᠤᠰ ᠤᠨ ᠠᠭᠤᠯᠵᠠᠯᠲᠠ ᠶᠢᠨ ᠳᠠᠭᠤᠤ-ᠢᠨᠢᠶᠡᠮᠰᠦᠭᠯᠡᠯ Инээмсэглэл - Залуусын уулзалтын дуу

ᠵᠠᠯᠠᠭᠤᠰ ᠤᠨ ᠠᠭᠤᠯᠵᠠᠯᠲᠠ ᠶᠢᠨ ᠳᠠᠭᠤᠤ-ᠢᠨᠢᠶᠡᠮᠰᠦᠭᠯᠡᠯ Инээмсэглэл - Залуусын уулзалтын дуу

ᠠᠩᠭᠢᠯᠠᠯ:ᠳᠠᠭᠤᠤ ᠬᠥᠭᠵᠢᠮ
2024-02-20

592

ᠵᠠᠯᠠᠭᠤᠰ ᠤᠨ ᠠᠭᠤᠯᠵᠠᠯᠲᠠ ᠶᠢᠨ ᠳᠠᠭᠤᠤ

    ᠦᠭᠡ᠄ ᠷ᠂ ᠡᠩᠬᠡᠪᠠᠽᠠᠷ 
    ᠠᠶ᠎ᠠ᠄ ᠢᠨᠢᠶᠡᠮᠰᠦᠭᠯᠡᠯ ᠬᠠᠮᠲᠤᠯᠢᠭ 

ᠠᠲᠠᠷ ᠠ᠋ᠴᠠ ᠢᠷᠡᠭᠰᠡᠨ ᠺᠣᠮᠪᠠᠢᠨ ᠵᠠᠯᠠᠭᠤ ᠠᠮᠵᠢᠯᠲᠠ ᠰᠠᠢᠨ ᠤᠤ 
ᠠᠪᠤᠷᠭᠤ ᠮᠠᠯᠴᠢᠨ ᠰᠠᠭᠠᠯᠢ ᠶ᠋ᠢᠨ ᠡᠵᠡᠨ ᠪᠦᠰᠡᠭᠦᠢ ᠰᠠᠢᠨ ᠤᠤ 
ᠠᠯᠳᠠᠷ ᠨᠡᠷ᠎ᠡ ᠪᠡᠨ ᠪᠠᠷᠢᠯᠭ᠎ᠠ ᠳ᠋ᠤ᠌ ᠰᠡᠢᠯᠦᠭᠰᠡᠨ ᠵᠠᠯᠠᠭᠤᠰ ᠰᠠᠢᠨ ᠤᠤ 
ᠠᠯᠲᠠᠨ ᠤᠲᠠᠰᠤ ᠪᠠᠨ ᠬᠡᠪᠢᠰᠦᠨ ᠳ᠋ᠦ᠍ ᠤᠷᠠᠯᠠᠭᠰᠠᠨ ᠪᠦᠰᠡᠭᠦᠢ ᠰᠠᠢᠨ ᠤᠤ 
ᠰᠠᠢᠨ ᠰᠠᠢᠨ ᠭᠡᠵᠦ ᠢᠨᠢᠶᠡᠮᠰᠦᠭᠯᠡᠵᠦ ᠪᠠᠢᠨ᠎ᠠ ᠤᠤ 
ᠰᠠᠢᠨ ᠰᠠᠢᠨ ᠭᠡᠵᠦ ᠲᠠ ᠮᠦᠰᠢᠶᠡᠵᠦ ᠪᠠᠢᠨ᠎ᠠ ᠤᠤ 
ᠰᠠᠢᠨ ᠰᠠᠢᠨ ᠰᠠᠢᠨ ᠪᠠᠢᠨ᠎ᠠ ᠤᠤ 
ᠢᠯᠡᠭᠡᠯᠲᠡ ᠠᠪᠤᠭᠠᠳ ᠠᠲᠠᠷ ᠲᠤ᠌ ᠶᠠᠪᠤᠭᠰᠠᠨ ᠵᠠᠯᠠᠭᠤᠰ ᠰᠠᠢᠨ ᠤᠤ
ᠢᠲᠡᠭᠡᠯ ᠡᠪᠦᠷᠯᠡᠵᠦ ᠲᠥᠯᠴᠢᠨ ᠪᠣᠯᠤᠭᠰᠠᠨ ᠪᠦᠰᠡᠭᠦᠢ ᠰᠠᠢᠨ ᠤᠤ
ᠶᠡᠬᠡ ᠦᠢᠯᠡᠰ ᠢ᠋ᠶ᠋ᠡᠨ ᠪᠠᠷᠢᠯᠭ᠎ᠠ ᠳ᠋ᠤ᠌ ᠰᠡᠢᠯᠦᠭᠰᠡᠨ ᠵᠠᠯᠠᠭᠤᠰ ᠰᠠᠢᠨ ᠤᠤ
ᠢᠷᠮᠡᠭᠦᠨ ᠬᠥᠳᠡᠯᠮᠦᠷᠢ ᠪᠡᠨ ᠦᠢᠯᠡᠳᠪᠦᠷᠢ ᠳ᠋ᠦ᠍ ᠥᠭᠭᠦᠭᠰᠡᠨ ᠪᠦᠰᠡᠭᠦᠢ ᠰᠠᠢᠨ ᠤᠤ
ᠰᠠᠢᠨ ᠰᠠᠢᠨ ᠭᠡᠵᠦ ᠢᠨᠢᠶᠡᠮᠰᠦᠭᠯᠡᠵᠦ ᠪᠠᠢᠨ᠎ᠠ ᠤᠤ
ᠰᠠᠢᠨ ᠰᠠᠢᠨ ᠭᠡᠵᠦ ᠲᠠ ᠮᠦᠰᠢᠶᠡᠵᠦ ᠪᠠᠢᠨ᠎ᠠ ᠤᠤ
ᠰᠠᠢᠨ ᠰᠠᠢᠨ ᠰᠠᠢᠨ ᠪᠠᠢᠨ᠎ᠠ ᠤᠤ
ᠠᠭᠤᠳᠠᠮ ᠲᠠᠯ᠎ᠠ ᠳ᠋ᠤ᠌ ᠪᠠᠨ ᠤᠷᠭᠤᠴᠠ ᠳ᠋ᠤ᠌ ᠭᠦᠶᠦᠭᠰᠡᠨ ᠵᠠᠯᠠᠭᠤᠰ ᠰᠠᠢᠨ ᠤᠤ
ᠤᠷᠮ᠎ᠠ ᠵᠣᠷᠢᠭ ᠢ᠋ᠶ᠋ᠠᠨ ᠢ᠋ᠶ᠋ᠠᠷ ᠤᠷᠤᠯᠳᠤᠭᠠᠨ ᠳ᠋ᠤ᠌ ᠲᠡᠮᠡᠦᠯᠦᠭᠰᠡᠨ ᠪᠦᠰᠡᠭᠦᠢ ᠰᠠᠢᠨ ᠤᠤ
ᠤᠳᠤᠮ ᠳᠠᠭᠠᠵᠤ ᠤᠷᠭ᠎ᠠ ᠪᠠᠷᠢᠭᠰᠠᠨ ᠵᠠᠯᠠᠭᠤ ᠰᠠᠢᠨ ᠤᠤ
ᠤᠷᠠᠨ ᠦᠢᠯᠡ ᠪᠡᠷ ᠵᠢᠰᠦ ᠪᠡᠨ ᠴᠢᠮᠡᠭᠰᠡᠨ ᠪᠦᠰᠡᠭᠦᠢ ᠰᠠᠢᠨ ᠤᠤ
ᠰᠠᠢᠨ ᠰᠠᠢᠨ ᠭᠡᠵᠦ ᠢᠨᠢᠶᠡᠮᠰᠦᠭᠯᠡᠵᠦ ᠪᠠᠢᠨ᠎ᠠ ᠤᠤ
ᠰᠠᠢᠨ ᠰᠠᠢᠨ ᠭᠡᠵᠦ ᠲᠠ ᠮᠦᠰᠢᠶᠡᠵᠦ ᠪᠠᠢᠨ᠎ᠠ ᠤᠤ
ᠰᠠᠢᠨ ᠰᠠᠢᠨ ᠰᠠᠢᠨ ᠪᠠᠢᠨ᠎ᠠ ᠤᠤ

   ᠦᠰᠦᠭ ᠠᠮᠢᠯᠠᠭᠤᠯᠤᠭᠴᠢ ᠄ ᠪᠠᠳᠠᠷᠠᠯᠲᠤ
   ᠦᠰᠦᠭ ᠬᠠᠲᠠᠵᠤ ᠬᠢᠨᠠᠭᠴᠢ ᠄ ᠬᠠᠷᠠᠭᠳᠠᠨ ᠷ ᠂ ᠴᠢᠷᠮᠠᠢᠯᠳᠣ