ᠲᠡᠮᠡᠭᠡ ᠲᠡᠢ ᠨᠤᠲᠤᠭ ᠳᠤᠯᠠᠭᠠᠬᠠᠨ ᠪᠠᠢᠳᠠᠭ- ᠪᠣᠳᠢᠰᠦᠶ᠋ᠷᠦᠩТэмээтэй нутаг дулаахан байдаг-Бодисурэн
ᠲᠡᠮᠡᠭᠡ ᠲᠡᠢ ᠨᠤᠲᠤᠭ ᠳᠤᠯᠠᠭᠠᠬᠠᠨ ᠪᠠᠢᠳᠠᠭ
ᠦᠭᠡ᠄ ᠭᠤ᠊᠂ ᡀᠮᠤᠵᠠᠪ
ᠠᠶ᠎ᠠ᠄ ᠴᠡᠷᠡᠩᠳᠤᠩᠳᠤᠪ
ᠳᠠᠭᠤᠴᠢᠨ᠄ ᠪᠣᠳᠢᠰᠦᠶ᠋ᠷᠦᠩ
ᠭᠠᠩᠭᠠᠩ ᠲᠡᠮᠡᠭᠡᠳ ᠨᠢ ᠪᠡᠯᠴᠢᠵᠦ ᠪᠠᠢᠪᠠᠯ ᠲᠡᠨᠳᠡ
ᠭᠠᠵᠠᠷ ᠤᠰᠤ ᠮᠢᠨᠢ ᠳᠤᠯᠠᠭᠠᠬᠠᠨ ᠪᠠᠢᠳᠠᠭ ᠶᠤᠮ
ᠲᠡᠪᠡᠷᠢ ᠪᠠᠭᠲᠠᠮ᠎ᠠ ᠦᠭᠡᠢ ᠪᠦᠬᠦ ᠡᠴᠡ ᠨᠢ
ᠲᠩᠷᠢ ᠶ᠋ᠢᠨ ᠨᠠᠷᠠ ᠲᠥᠭᠡᠨᠡᠵᠦ ᠪᠠᠢᠳᠠᠭ ᠶᠤᠮ ᠠ᠋
ᠲᠡᠨᠢᠭᠦᠨ ᠭᠣᠪᠢ ᠶ᠋ᠢᠨ ᠠᠮᠤᠭᠤᠯᠠᠩ ᠬᠡᠪᠡᠯᠢ
ᠲᠡᠮᠡᠭᠡ ᠲᠡᠢ ᠨᠤᠲᠤᠭ ᠮᠢᠨᠢ ᠳᠤᠯᠠᠭᠠᠬᠠᠨ ᠪᠠᠢᠳᠠᠭ ᠶᠤᠮ
ᠢᠩᠭᠡᠨ ᠪᠤᠢᠯᠠᠭᠠᠨ ᠲᠠᠢ ᠨᠠᠮᠤᠷ ᠤ᠋ᠨ ᠬᠣᠩᠭᠣᠷ ᠭᠣᠪᠢ ᠳ᠋ᠤ᠌
ᠢᠰᠬᠦᠯᠡᠩ ᠬᠣᠭᠣᠷᠮᠠᠭ ᠨᠢ ᠱᠤᠤᠭᠢᠵᠤ ᠪᠠᠢᠳᠠᠭ ᠶᠤᠮ
ᠭᠠᠵᠠᠷ ᠲᠠᠮᠠᠭᠠᠯᠠᠭᠰᠠᠨ ᠵᠥᠭᠡᠯᠡᠨ ᠲᠠᠪᠠᠭ ᠠ᠋ᠴᠠ ᠨᠢ
ᠭᠠᠯ ᠤ᠋ᠨ ᠢᠯᠴᠢ ᠨᠢ ᠪᠠᠳᠠᠷᠠᠵᠤ ᠪᠠᠢᠳᠠᠭ ᠶᠤᠮ
ᠲᠡᠨᠢᠭᠦᠨ ᠭᠣᠪᠢ ᠶ᠋ᠢᠨ ᠠᠮᠤᠭᠤᠯᠠᠩ ᠬᠡᠪᠡᠯᠢ
ᠲᠡᠮᠡᠭᠡ ᠲᠡᠢ ᠨᠤᠲᠤᠭ ᠮᠢᠨᠢ ᠳᠤᠯᠠᠭᠠᠬᠠᠨ ᠪᠠᠢᠳᠠᠭ ᠶᠤᠮ
ᠲᠩᠷᠢ ᠶ᠋ᠢᠨ ᠰᠦᠷᠦᠭ ᠨᠢ ᠪᠡᠯᠴᠢᠵᠦ ᠪᠠᠢᠪᠠᠯ ᠲᠡᠨᠳᠡ
ᠲᠥᠷᠥᠭᠰᠡᠨ ᠨᠤᠲᠤᠭ ᠮᠢᠨᠢ ᠳᠤᠯᠠᠭᠠᠬᠠᠨ ᠪᠠᠢᠳᠠᠭ ᠶᠤᠮ
ᠽᠠᠨᠳᠠᠨ ᠬᠦᠷᠡᠩ ᠲᠡᠮᠡᠭᠡᠳ ᠦ᠋ᠨ ᠠᠯᠬᠤᠭ᠎ᠠ ᠠ᠋ᠴᠠ
ᠵᠢᠷᠭᠠᠯ ᠤ᠋ᠨ ᠨᠠᠷᠠ ᠨᠢ ᠰᠠᠴᠤᠷᠠᠵᠤ ᠪᠠᠢᠳᠠᠭ ᠶᠤᠮ
ᠲᠡᠨᠢᠭᠦᠨ ᠭᠣᠪᠢ ᠶ᠋ᠢᠨ ᠠᠮᠤᠭᠤᠯᠠᠩ ᠬᠡᠪᠡᠯᠢ
ᠲᠡᠮᠡᠭᠡ ᠲᠡᠢ ᠨᠤᠲᠤᠭ ᠠᠮᠤᠭᠤᠯᠠᠩ
ᠲᠡᠮᠡᠭᠡ ᠲᠡᠢ ᠨᠤᠲᠤᠭ ᠮᠢᠨᠢ ᠳᠤᠯᠠᠭᠠᠬᠠᠨ ᠪᠠᠢᠳᠠᠭ ᠶᠤᠮ
ᠰᠡᠭᠦᠳᠡᠷ ᠲᠢᠭᠯᠡᠭᠡᠴᠢ᠄ ᠰᠣᠶᠣᠯ
ᠦᠰᠦᠭ ᠬᠠᠳᠠᠭᠴᠢ᠄ ᠳᠡᠯᠭᠡᠷᠴᠡᠴᠡᠭ
ᠦᠰᠦᠭ ᠠᠮᠢᠯᠠᠭᠤᠯᠤᠭᠴᠢ᠄ ᠳᠡᠯᠭᠡᠷᠴᠡᠴᠡᠭ
ᠬᠢᠨᠠᠭᠴᠢ᠄ ᠰᠣᠶᠣᠯ᠂ ᠭᠠᠷᠮ᠎ᠠ᠂ ᠬᠠᠲᠠᠴᠢ ᠤᠷᠠᠨ᠎ᠠ
