ᠮᠢᠨᠦ ᠬᠥᠳᠡᠭᠡ ᠭᠡᠷ- ᠨᠠᠪᠴᠢМиний хөдөө гэр-Навч ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠢᠨᠦ ᠬᠥᠳᠡᠭᠡ ᠭᠡᠷ- ᠨᠠᠪᠴᠢМиний хөдөө гэр-Навч

ᠮᠢᠨᠦ ᠬᠥᠳᠡᠭᠡ ᠭᠡᠷ- ᠨᠠᠪᠴᠢМиний хөдөө гэр-Навч

ᠠᠩᠭᠢᠯᠠᠯ:ᠳᠠᠭᠤᠤ ᠬᠥᠭᠵᠢᠮ
2024-02-20

485

ᠮᠢᠨᠦ ᠬᠥᠳᠡᠭᠡ ᠭᠡᠷ

   ᠦᠭᠡ᠄ ᠴᠡᠩᠭᠡᠯᠪᠠᠭᠠᠲᠤᠷ 
   ᠠᠶ᠎ᠠ᠄ ᠪᠠᠶᠠᠨᠴᠡᠩᠭᠡᠯ 
   ᠨᠠᠪᠴᠢ ᠳᠠᠭᠤᠯᠠᠨ᠎ᠠ 
ᠠᠷᠭᠠᠯ ᠤ᠋ᠨ ᠤᠲᠤᠭ᠎ᠠ ᠲᠠᠢ ᠮᠢᠨᠦ ᠬᠥᠳᠡᠭᠡ ᠭᠡᠷ 
ᠠᠢᠷᠠᠭ ᠤ᠋ᠨ ᠦᠨᠦᠷ ᠲᠡᠢ ᠮᠢᠨᠦ ᠬᠥᠳᠡᠭᠡ ᠭᠡᠷ 
ᠠᠳᠤᠭᠤ ᠮᠠᠯ ᠲᠠᠢ ᠮᠢᠨᠦ ᠬᠥᠳᠡᠭᠡ ᠭᠡᠷ 
ᠠᠪᠤ ᠡᠵᠢ ᠶ᠋ᠢᠨ ᠨᠤᠲᠤᠭ ᠮᠢᠨᠦ ᠬᠥᠳᠡᠭᠡ ᠭᠡᠷ 
ᠬᠡᠦᠬᠡᠳ ᠨᠠᠰᠤ ᠶ᠋ᠢ ᠮᠢᠨᠢ ᠲᠣᠭᠯᠠᠭᠤᠯᠵᠤ ᠥᠰᠬᠡᠭᠰᠡᠨ 
ᠮᠢᠨᠦ ᠬᠥᠳᠡᠭᠡ ᠭᠡᠷ ᠮᠢᠨᠦ ᠬᠥᠳᠡᠭᠡ ᠭᠡᠷ 

ᠬᠤᠷᠠᠭ᠎ᠠ ᠲᠤᠭᠤᠯ ᠲᠠᠢ ᠮᠢᠨᠦ ᠬᠥᠳᠡᠭᠡ ᠭᠡᠷ 
ᠬᠤᠷᠤᠳ ᠠᠢᠷᠠᠭ ᠲᠠᠢ ᠮᠢᠨᠦ ᠬᠥᠳᠡᠭᠡ ᠭᠡᠷ 
ᠬᠤᠭᠤᠷ ᠤ᠋ᠨ ᠳᠠᠭᠤᠤ ᠲᠠᠢ ᠮᠢᠨᠦ ᠬᠥᠳᠡᠭᠡ ᠭᠡᠷ 
ᠬᠡᠦᠬᠡᠳ ᠪᠠᠭ᠎ᠠ ᠶ᠋ᠢᠨ ᠨᠤᠲᠤᠭ ᠮᠢᠨᠦ ᠬᠥᠳᠡᠭᠡ ᠭᠡᠷ
ᠬᠡᠦᠬᠡᠳ ᠨᠠᠰᠤ ᠶ᠋ᠢ ᠮᠢᠨᠢ ᠲᠣᠭᠯᠠᠭᠤᠯᠵᠤ ᠥᠰᠬᠡᠭᠰᠡᠨ
ᠮᠢᠨᠦ ᠬᠥᠳᠡᠭᠡ ᠭᠡᠷ ᠮᠢᠨᠦ ᠬᠥᠳᠡᠭᠡ ᠭᠡᠷ

ᠳᠠᠭᠠᠨ᠎ᠠ ᠶ᠋ᠢᠨ ᠦᠨᠦᠷ ᠲᠡᠢ ᠮᠢᠨᠦ ᠬᠥᠳᠡᠭᠡ ᠭᠡᠷ
ᠲᠠᠯ᠎ᠠ ᠶ᠋ᠢᠨ ᠰᠠᠯᠬᠢ ᠲᠠᠢ ᠮᠢᠨᠦ ᠬᠥᠳᠡᠭᠡ ᠭᠡᠷ
ᠳᠡᠯᠡᠬᠡᠢ ᠴᠢᠮᠡᠭ ᠲᠡᠢ ᠮᠢᠨᠦ ᠬᠥᠳᠡᠭᠡ ᠭᠡᠷ
ᠳᠡᠭᠳᠡᠭᠡᠬᠡᠢ ᠪᠠᠭ᠎ᠠ ᠶ᠋ᠢᠨ ᠨᠤᠲᠤᠭ ᠮᠢᠨᠦ ᠬᠥᠳᠡᠭᠡ ᠭᠡᠷ
ᠬᠡᠦᠬᠡᠳ ᠨᠠᠰᠤ ᠶ᠋ᠢ ᠮᠢᠨᠢ ᠲᠣᠭᠯᠠᠭᠤᠯᠵᠤ ᠥᠰᠬᠡᠭᠰᠡᠨ
ᠮᠢᠨᠦ ᠬᠥᠳᠡᠭᠡ ᠭᠡᠷ ᠮᠢᠨᠦ ᠬᠥᠳᠡᠭᠡ ᠭᠡᠷ
ᠮᠢᠨᠦ ᠬᠥᠳᠡᠭᠡ ᠭᠡᠷ᠁

   ᠦᠰᠦᠭ ᠬᠠᠲᠠᠭᠰᠠᠨ ᠨᠢ᠄ᠰᠣᠳᠣ
   ᠦᠰᠦᠭ ᠠᠮᠢᠯᠠᠭᠤᠯᠤᠭᠰᠠᠨ ᠨᠢ᠄ ᠰᠣᠳᠣ