ᠰᠠᠳᠤᠨ ᠲᠥᠷᠥᠯ ᠦᠨ ᠳᠠᠭᠤᠤ -ᠮᠠᠨᠳᠤᠬᠤ ᠪᠠᠭᠰᠢ ᠶᠢᠨ ᠤᠷᠠᠨ ᠪᠢᠴᠢᠯᠭᠡ
ᠰᠠᠳᠤᠨ ᠲᠥᠷᠥᠯ ᠦᠨ ᠳᠠᠭᠤᠤ
ᠬᠥᠮᠦᠨ ᠦ᠌ ᠡᠬᠢ ᠨᠢ ᠪᠣᠯᠤᠭᠰᠠᠨ
ᠡᠵᠢ ᠶ᠋ᠢᠨ ᠲᠥᠷᠥᠯ ᠨᠠᠭᠠᠴᠤ ᠨᠠᠷ ᠮᠢᠨᠢ
ᠬᠦᠨᠳᠦᠯᠡᠭᠳᠡᠬᠦ ᠶ᠋ᠢᠨ ᠶᠡᠬᠡ ᠨᠢ ᠪᠣᠯᠤᠭᠰᠠᠨ
ᠠᠪᠤ ᠶ᠋ᠢᠨ ᠲᠥᠷᠥᠯ ᠠᠪᠠᠭ᠎ᠠ ᠨᠠᠷ ᠮᠢᠨᠢ᠃
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ᠃
ᠠᠪᠤ ᠡᠵᠢ ᠶ᠋ᠢᠨ ᠡᠩ ᠲᠡᠢ
ᠠᠴᠢᠲᠤ ᠠᠬ᠎ᠠ ᠡᠭᠡᠴᠢ ᠨᠠᠷ ᠮᠢᠨᠢ
ᠠᠯᠠᠭ ᠦᠷ᠎ᠡ ᠶ᠋ᠢᠨ ᠵᠦᠩ ᠲᠡᠢ
ᠠᠮᠢᠨ ᠬᠠᠢᠷᠠᠲᠠᠢ ᠳᠡᠭᠦᠦ ᠨᠠᠷ ᠮᠢᠨᠢ᠃
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ᠃
ᠲᠩᠷᠢ ᠶ᠋ᠢᠨ ᠠᠯᠲᠠᠨ ᠣᠳᠣᠳ ᠰᠢᠭ᠋
ᠲᠦᠭᠡᠵᠦ ᠲᠠᠷᠬᠠᠭᠰᠠᠨ ᠵᠢᠭᠡ ᠨᠠᠷ ᠮᠢᠨᠢ
ᠳᠡᠯᠡᠬᠡᠢ ᠶ᠋ᠢᠨ ᠽᠠᠨᠳᠠᠨ ᠮᠣᠳᠣᠳ ᠰᠢᠭ᠋
ᠳᠡᠯᠭᠡᠷᠡᠵᠦ ᠨᠠᠢᠭᠤᠭᠰᠠᠨ ᠠᠴᠢ ᠨᠠᠷ ᠮᠢᠨᠢ᠃
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ᠃
ᠬᠠᠢᠷᠠᠲᠠᠢ ᠬᠠᠨᠢ ᠶ᠋ᠢ ᠮᠢᠨᠢ ᠲᠥᠷᠥᠭᠦᠯᠦᠭᠰᠡᠨ
ᠬᠠᠳᠠᠮ ᠤ᠋ᠨ ᠬᠠᠯᠠᠭᠤᠨ ᠤᠷᠤᠭ ᠤ᠋ᠳ ᠮᠢᠨᠢ
ᠬᠦᠦ ᠬᠡᠦᠬᠡᠨ ᠢ᠋ ᠮᠢᠨᠢ ᠡᠩᠬᠦᠷᠡᠢᠯᠡᠭᠰᠡᠨ
ᠬᠦᠨᠳᠦᠲᠦ ᠬᠣᠲᠠ ᠬᠤᠳᠠᠭᠠᠢ ᠨᠠᠷ ᠮᠢᠨᠢ᠃
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠲᠠᠨ ᠥᠨᠵᠢᠨ ᠵᠢᠷᠭᠠᠭᠠᠷᠠᠢ᠃
ᠬᠠᠭᠠᠨ ᠴᠢᠩᠭᠢᠰ ᠡᠴᠡ ᠤᠳᠤᠮ ᠲᠠᠢ
ᠵᠠᠶᠠᠭ᠎ᠠ ᠨᠢᠭᠡᠲᠡᠢ ᠲᠦᠮᠡᠨ ᠮᠢᠨᠢ
ᠬᠠᠲᠤᠨ ᠳᠡᠯᠡᠬᠡᠢ ᠨᠤᠲᠤᠭ ᠲᠠᠢ
ᠰᠠᠨᠠᠭ᠎ᠠ ᠨᠢᠭᠡᠲᠡᠢ ᠬᠥᠮᠦᠰ ᠮᠢᠨᠢ᠃
ᠰᠠᠳᠤᠨ ᠲᠥᠷᠥᠯ ᠪᠦᠭᠦᠳᠡᠭᠡᠷ ᠢ᠋ᠶ᠋ᠡᠨ
ᠰᠠᠢᠨ ᠰᠠᠢᠬᠠᠨ ᠶᠠᠪᠤᠭᠠᠷᠠᠢ
ᠰᠠᠨᠠᠨ ᠳᠤᠷᠠᠰᠤᠨ ᠵᠤᠯᠭᠠᠯᠴᠠᠭᠠᠳ
ᠰᠠᠭᠠᠳᠠᠨ ᠥᠨᠵᠢᠨ ᠵᠢᠷᠭᠠᠭᠠᠷᠠᠢ
ᠰᠠᠭᠠᠳᠠᠨ ᠥᠨᠵᠢᠨ ᠵᠢᠷᠭᠠᠭᠠᠷᠠᠢ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
