ᠥᠪ ᠰᠣᠶᠣᠯ ᠢᠶᠠᠨ ᠳᠡᠭᠡᠳᠦᠯᠡᠨ᠎ᠡӨв Соёлоо Дээдлэнэ Ov Soyoloo Deedlene
ᠥᠪ ᠰᠣᠶᠣᠯ ᠢᠶᠠᠨ ᠳᠡᠭᠡᠳᠦᠯᠡᠨ᠎ᠡ
ᠰᠢᠯᠦᠭ᠄ ᠣ᠂ ᠰᠤᠨᠳᠤᠢ
ᠠᠶᠠᠯᠭᠤ᠄ ᠰ᠂ ᠪᠠᠲᠤᠪᠣᠯᠣᠳ
ᠳᠠᠭᠤᠴᠢᠨ᠄ ᠨ᠂ ᠪᠤᠶᠠᠨᠲᠣᠭᠲᠠᠬᠤ ᠭ᠂ ᠨᠣᠮᠢᠨᠳᠠᠷᠢ
ᠡᠷᠳᠡᠮ ᠨᠣᠮ ᠤ᠋ᠨ ᠬᠠᠭᠤᠳᠠᠰᠤᠨ ᠳᠡᠭᠡᠷ᠎ᠡ
ᠡᠷᠢᠶᠡᠴᠢᠵᠦ ᠪᠣᠯᠳᠠᠭ ᠦᠭᠡᠢ ᠲᠡᠢᠮᠦ ᠤᠤ
ᠢᠷ ᠲᠡᠢ ᠦᠵᠦᠭᠦᠷ ᠲᠡᠢ ᠶᠠᠭᠤᠮ᠎ᠠ ᠶ᠋ᠢ
ᠡᠰᠢ ᠪᠡᠷ ᠨᠢ ᠥᠭᠭᠦᠨ᠎ᠡ ᠳᠡ ᠲᠡᠢᠮᠦ ᠤᠤ
ᠲᠡᠢᠮᠦ ᠰᠢᠦ ᠲᠡᠢᠮᠦ ᠨᠠᠢᠵᠠ ᠠ᠋
ᠴᠡᠭᠡᠷᠯᠡᠬᠦ ᠶᠣᠰᠣ ᠪᠠᠨ ᠳᠠᠭᠠᠶ᠎ᠠ
ᠵᠥᠪ ᠰᠢᠦ ᠵᠥᠪ ᠨᠠᠢᠵᠠ ᠠ᠋
ᠥᠪ ᠰᠣᠶᠣᠯ ᠢ᠋ᠶ᠋ᠠᠨ ᠳᠡᠭᠡᠳᠦᠯᠡᠵᠦ ᠬᠦᠨᠳᠦᠯᠡᠶ᠎ᠡ
ᠠᠬᠠᠮᠠᠳ ᠨᠠᠰᠤᠲᠠᠨ ᠤ᠋ ᠬᠡᠰᠢᠭ ᠢ᠋
ᠠᠯᠠᠭ᠎ᠠ ᠪᠠᠨ ᠲᠣᠰᠴᠤ ᠠᠪᠤᠨ᠎ᠠ ᠲᠡᠢᠮᠦ ᠤᠤ
ᠭᠠᠯ ᠢ᠋ᠶ᠋ᠠᠷ ᠨᠠᠭᠠᠳᠴᠤ ᠪᠣᠯᠬᠤ ᠦᠭᠡᠢ
ᠭᠠᠷ ᠬᠥᠯ ᠢ᠋ᠶ᠋ᠡᠨ ᠲᠦᠯᠡᠨ᠎ᠡ ᠰᠢᠦ
ᠲᠡᠢᠮᠦ ᠰᠢᠦ ᠲᠡᠢᠮᠦ ᠨᠠᠢᠵᠠ ᠠ᠋
ᠴᠡᠭᠡᠷᠯᠡᠬᠦ ᠶᠣᠰᠣ ᠪᠠᠨ ᠳᠠᠭᠠᠶ᠎ᠠ
ᠵᠥᠪ ᠰᠢᠦ ᠵᠥᠪ ᠰᠢᠦ
ᠥᠪ ᠰᠣᠶᠣᠯ ᠢ᠋ᠶ᠋ᠠᠨ ᠳᠡᠭᠡᠳᠦᠯᠡᠵᠦ ᠬᠦᠨᠳᠦᠯᠡᠶ᠎ᠡ
ᠳᠡᠪᠡᠯ ᠮᠠᠯᠠᠭᠠᠢ ᠪᠦᠰᠡ ᠶ᠋ᠢᠨ ᠢ᠋ᠶ᠋ᠡᠨ
ᠳᠡᠭᠡᠭᠦᠷ ᠨᠢ ᠠᠯᠬᠤᠳᠠᠭ ᠦᠭᠡᠢ ᠲᠡᠢᠮᠦ ᠤᠤ
ᠠᠮᠤᠷ ᠮᠡᠨᠳᠦ ᠶ᠋ᠢ ᠠᠰᠠᠭᠤᠬᠤ ᠨᠢ
ᠠᠰᠢᠳᠠ ᠶ᠋ᠢᠨ ᠢᠷᠦᠭᠡᠯ ᠲᠡᠢ ᠲᠡᠢᠮᠦ ᠤᠤ
ᠲᠡᠢᠮᠦ ᠰᠢᠦ ᠲᠡᠢᠮᠦ ᠨᠠᠢᠵᠠ ᠠ᠋
ᠴᠡᠭᠡᠷᠯᠡᠬᠦ ᠶᠣᠰᠣ ᠪᠠᠨ ᠳᠠᠭᠠᠶ᠎ᠠ
ᠵᠥᠪ ᠰᠢᠦ ᠵᠥᠪ ᠰᠢᠦ
ᠥᠪ ᠰᠣᠶᠣᠯ ᠢ᠋ᠶ᠋ᠠᠨ ᠳᠡᠭᠡᠳᠦᠯᠡᠵᠦ ᠬᠦᠨᠳᠦᠯᠡᠶ᠎ᠡ
ᠰᠠᠮᠤᠷ ᠵᠢᠮᠢᠰ ᠢ᠋ ᠲᠡᠭᠦᠬᠦ ᠳ᠋ᠦ᠍ ᠪᠡᠨ
ᠮᠥᠴᠢᠷ ᠢ᠋ ᠨᠢ ᠬᠤᠭᠤᠯᠳᠠᠭ ᠦᠭᠡᠢ ᠲᠡᠢᠮᠦ ᠤᠤ
ᠰᠢᠪᠠᠭᠤᠨ ᠤ᠋ ᠬᠥᠭᠡᠷᠦᠬᠦᠨ ᠥᠨᠳᠡᠭᠡᠨ ᠳ᠋ᠦ᠍
ᠰᠡᠭᠦᠳᠡᠷ ᠢ᠋ᠶ᠋ᠡᠨ ᠳᠤᠰᠬᠠᠳᠠᠭ ᠦᠭᠡᠢ ᠲᠡᠢᠮᠦ ᠤᠤ
ᠲᠡᠢᠮᠦ ᠰᠢᠦ ᠲᠡᠢᠮᠦ ᠨᠠᠢᠵᠠ ᠠ᠋
ᠴᠡᠭᠡᠷᠯᠡᠬᠦ ᠶᠣᠰᠣ ᠪᠠᠨ ᠳᠠᠭᠠᠶ᠎ᠠ
ᠵᠥᠪ ᠰᠢᠦ ᠵᠥᠪ ᠨᠠᠢᠵᠠ ᠠ᠋
ᠥᠪ ᠰᠣᠶᠣᠯ ᠢ᠋ᠶ᠋ᠠᠨ ᠳᠡᠭᠡᠳᠦᠯᠡᠵᠦ ᠬᠦᠨᠳᠦᠯᠡᠶ᠎ᠡ
ᠦᠰᠦᠭ ᠠᠮᠢᠯᠠᠭᠤᠯᠤᠭᠴᠢ᠄ ᠭᠠᠷᠮ᠎ᠠ᠂ ᠠᠵᠠᠵᠠᠶᠠᠭ᠎ᠠ
ᠦᠰᠦᠭ ᠬᠠᠲᠠᠭᠴᠢ᠄ ᠠᠩᠴᠢᠨ
ᠬᠢᠨᠠᠭᠴᠢ᠄ ᠢᠷᠡᠭᠡᠳᠦᠢ ᠣᠳᠤᠨᠭᠡᠷᠡᠯ ᠰ ᠳᠣᠷᠣᠨ᠎ᠠ
