ᠵᠣᠴᠢᠨ ᠤᠭᠲᠤᠬᠤ ᠠᠷᠢᠬᠢᠨ ᠳᠠᠭᠤᠤ -ᠮᠠᠨᠳᠤᠬᠤ ᠪᠠᠭᠰᠢ ᠶᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠣᠴᠢᠨ ᠤᠭᠲᠤᠬᠤ ᠠᠷᠢᠬᠢᠨ ᠳᠠᠭᠤᠤ -ᠮᠠᠨᠳᠤᠬᠤ ᠪᠠᠭᠰᠢ ᠶᠢᠨ ᠤᠷᠠᠨ ᠪᠢᠴᠢᠯᠭᠡ

ᠵᠣᠴᠢᠨ ᠤᠭᠲᠤᠬᠤ ᠠᠷᠢᠬᠢᠨ ᠳᠠᠭᠤᠤ -ᠮᠠᠨᠳᠤᠬᠤ ᠪᠠᠭᠰᠢ ᠶᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-02-18

736

ᠵᠣᠴᠢᠨ ᠤᠭᠲᠤᠬᠤ ᠠᠷᠢᠬᠢᠨ ᠳᠠᠭᠤᠤ


ᠬᠣᠯᠠ ᠡᠴᠡ ᠢᠷᠡᠭᠰᠡᠨ ᠵᠣᠴᠢᠳ ᠮᠢᠨᠢ    
ᠬᠠᠷᠢᠭᠠᠳ ᠢᠷᠡᠭᠰᠡᠨ ᠥᠭᠡᠷ᠎ᠡ ᠤᠤ ᠳᠠ   
ᠬᠠᠯᠭᠤᠨ ᠮᠡᠨᠳᠦ ᠪᠡᠷ ᠢ᠋ᠶ᠋ᠡᠨ ᠲᠣᠰᠣᠨ ᠤᠭᠲᠤᠵᠤ     
ᠬᠣᠢᠮᠣᠷ ᠳᠦᠭᠦᠷᠡᠩ ᠪᠠᠶᠠᠰᠴᠠᠭᠠᠶ᠎ᠠ     
ᠬᠤᠨᠳᠠᠭ᠎ᠠ ᠮᠡᠯᠮᠡᠷᠡᠭᠰᠡᠨ ᠰᠠᠷᠬᠤᠳ ᠤ᠋ᠨ ᠳᠡᠭᠡᠵᠢ ᠪᠡᠨ    
ᠬᠦᠨᠳᠦᠲᠦ ᠲᠠᠨ ᠳ᠋ᠠᠭᠠᠨ ᠳᠡᠪᠰᠢᠭᠦᠯᠦᠶ᠎ᠡ   
ᠬᠠᠢᠷ᠎ᠠ ᠰᠢᠩᠭᠡᠭᠰᠡᠨ ᠬᠠᠳᠠᠭ ᠤ᠋ᠨ ᠡᠷᠭᠦᠨ   
ᠬᠠᠮᠲᠤ ᠪᠠᠷ ᠳᠠᠭᠤᠯᠠᠨ ᠵᠢᠷᠭᠠᠶ᠎ᠠ    
ᠠ ᠬᠠ ᠠᠢ ᠬᠦᠢ    
ᠬᠠᠢᠷ᠎ᠠ ᠰᠢᠩᠭᠡᠭᠰᠡᠨ ᠬᠠᠳᠠᠭ ᠤ᠋ᠨ ᠡᠷᠭᠦᠨ  
ᠬᠠᠮᠲᠤ ᠪᠠᠷ ᠳᠠᠭᠤᠯᠠᠨ ᠵᠢᠷᠭᠠᠶ᠎ᠠ᠃   

ᠬᠦᠷᠦᠭᠡᠳ ᠢᠷᠡᠭᠰᠡᠨ ᠵᠣᠴᠢᠳ ᠮᠢᠨᠢ
ᠭᠡᠷ ᠲᠡᠭᠡᠨ ᠢᠷᠡᠭᠰᠡᠨ ᠥᠭᠡᠷ᠎ᠡ ᠤᠤ ᠳᠠ
ᠠᠮᠤᠷ ᠮᠡᠨᠳᠦ ᠶ᠋ᠢ ᠴᠢᠨᠢ ᠠᠰᠠᠭᠤᠨ ᠵᠣᠯᠭᠠᠵᠤ
ᠠᠷᠤ ᠭᠡᠷ ᠲᠡᠭᠡᠨ ᠵᠣᠴᠢᠯᠠᠶ᠎ᠠ
ᠠᠶᠠᠭ᠎ᠠ ᠳᠦᠭᠦᠷᠡᠩ ᠠᠮᠲᠠᠲᠤ ᠶ᠋ᠢᠨ ᠳᠡᠭᠡᠵᠢ ᠪᠡᠨ
ᠠᠯᠠᠭᠠᠨ ᠳᠡᠭᠡᠷ᠎ᠡ ᠪᠡᠨ ᠬᠡᠮᠨᠡᠶ᠎ᠡ
ᠠᠮᠤᠭᠤᠯᠠᠩ ᠰᠠᠢᠬᠠᠨ ᠠᠮᠢᠳᠤᠷᠠᠯ ᠤ᠋ᠨ ᠳᠤᠮᠳᠠ ᠪᠠᠨ
ᠠᠶ᠎ᠠ ᠳᠠᠭᠤᠤ ᠲᠠᠢ ᠨᠠᠷᠭᠢᠶ᠎ᠠ
ᠠ ᠬᠠ ᠠᠢ ᠬᠦᠢ
ᠠᠮᠤᠭᠤᠯᠠᠩ ᠰᠠᠢᠬᠠᠨ ᠠᠮᠢᠳᠤᠷᠠᠯ ᠳᠤᠮᠳᠠ ᠪᠠᠨ
ᠠᠶ᠎ᠠ ᠳᠠᠭᠤᠤ ᠲᠠᠢ ᠨᠠᠷᠭᠢᠶ᠎ᠠ᠃ 

ᠨᠠᠢᠵᠠ ᠨᠥᠬᠥᠳ ᠠᠨᠳᠠ ᠨᠤᠭᠤᠳ ᠮᠢᠨᠢ
ᠨᠠᠢᠷᠯᠠᠨ ᠰᠠᠭᠤᠬᠤ ᠨᠢ ᠰᠠᠢᠬᠠᠨ ᠳᠠ
ᠨᠠᠮ᠎ᠠ ᠶ᠋ᠢ ᠪᠡᠨ ᠭᠡᠰᠡᠨ ᠰᠡᠳᠬᠢᠯ ᠦ᠋ᠨ ᠬᠠᠷᠢᠭᠤ ᠳ᠋ᠤ᠌
ᠨᠠᠢᠷ  ᠡᠷᠭᠦᠨ ᠵᠣᠴᠢᠯᠠᠶ᠎ᠠ  
ᠵᠢᠷᠭᠠᠯ ᠬᠦᠰᠡᠶ᠎ᠡ ᠠᠮᠵᠢᠯᠲᠠ ᠵᠥᠩᠨᠡᠶ᠎ᠡ
ᠨᠠᠢᠵᠠ ᠲᠠᠨ ᠳ᠋ᠠᠭᠠᠨ ᠳᠠᠭᠤᠯᠠᠶ᠎ᠠ
ᠵᠣᠴᠢᠯᠠᠨ ᠬᠦᠨᠳᠦᠯᠡᠭᠰᠡᠨ ᠰᠡᠳᠬᠢᠯ ᠦ᠋ᠨ ᠳᠠᠭᠤᠤ ᠪᠠᠨ
ᠨᠠᠢᠵᠠ ᠲᠠᠨ ᠳ᠋ᠠᠭᠠᠨ ᠡᠷᠭᠦᠶ᠎ᠡ
ᠠ ᠬᠠ ᠠᠢ ᠬᠦᠢ
ᠵᠣᠴᠢᠯᠠᠨ ᠬᠦᠨᠳᠦᠯᠡᠭᠰᠡᠨ ᠰᠡᠳᠬᠢᠯ ᠦ᠋ᠨ ᠳᠠᠭᠤᠤ ᠪᠠᠨ
ᠨᠠᠢᠵᠠ ᠲᠠᠨ  ᠳ᠋ᠠᠭᠠᠨ ᠡᠷᠭᠦᠶ᠎ᠡ ᠃   

      ᠦᠰᠦᠭ ᠠᠮᠢᠯᠠᠭᠤᠯᠤᠭᠴᠢ᠄ ᠤᠤᠭᠠᠨᠵᠢᠳ
       ᠬᠢᠨᠠᠭᠴᠢ᠄ ᠮᠡᠷᠭᠡᠨᠪᠢᠯᠢᠭ