ᠬᠢᠶᠠᠭ( ᠬᠠᠷ᠎ᠠ ᠬᠢᠶᠠᠭ)Хиаг( хар хиаг) ᠡᠪᠡᠰᠦ ᠤᠷᠭᠤᠮᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠢᠶᠠᠭ( ᠬᠠᠷ᠎ᠠ ᠬᠢᠶᠠᠭ)Хиаг( хар хиаг)

ᠬᠢᠶᠠᠭ( ᠬᠠᠷ᠎ᠠ ᠬᠢᠶᠠᠭ)Хиаг( хар хиаг)

2024-02-18

784

ᠬᠢᠶᠠᠭ( ᠬᠠᠷ᠎ᠠ ᠬᠢᠶᠠᠭ)

    ᠦᠨᠳᠦᠰᠦᠯᠢᠭ ᠡᠰᠢᠲᠦ ᠣᠯᠠᠨ ᠨᠠᠰᠤᠲᠤ ᠡᠪᠡᠰᠦᠯᠢᠭ ᠳᠤᠮᠳᠠᠰᠠᠭ ᠭᠠᠩᠰᠠᠭ ᠤᠷᠭᠤᠮᠠᠯ᠃ ᠬᠡᠭᠡᠷ᠎ᠡ ᠲᠠᠯ᠎ᠠ᠂ ᠳᠣᠪᠣ ᠳᠣᠪᠣᠷᠴᠠᠭ᠂ ᠭᠣᠣᠯ ᠤ᠋ᠨ ᠳᠠᠩ᠂ ᠬᠤᠵᠢᠷᠯᠢᠭ ᠬᠣᠲᠣᠭᠣᠷ ᠭᠠᠵᠠᠷ ᠢ᠋ᠶ᠋ᠠᠷ ᠤᠷᠭᠤᠨ᠎ᠠ᠃ ᠮᠠᠨ ᠤ᠋ ᠣᠷᠣᠨ ᠤ᠋ ᠬᠥᠯᠥᠨ ᠪᠤᠢᠷ— ᠰᠢᠯᠢ ᠶ᠋ᠢᠨ ᠭᠣᠣᠯ ᠤ᠋ᠨ ᠥᠨᠳᠥᠷᠯᠢᠭ ᠦ᠋ᠨ ᠣᠢᠲᠤ ᠪᠡᠯᠴᠢᠭᠡᠷ ᠦ᠋ᠨ ᠪᠦᠰᠡ ᠵᠢᠴᠢ ᠨᠡᠢᠲᠡᠯᠢᠭ ᠪᠡᠯᠴᠢᠭᠡᠷ ᠦ᠋ᠨ ᠭᠠᠳᠠᠷ ᠲᠣᠭᠣᠷᠢᠭ ᠤ᠋ᠨ ᠭᠠᠵᠠᠷ ᠣᠷᠣᠨ ᠢ᠋ᠶ᠋ᠠᠷ ᠲᠠᠷᠬᠠᠵᠤ᠂ ᠥᠷᠭᠡᠨ ᠠᠭᠤᠳᠠᠮ ᠬᠢᠶᠠᠭ ᠤ᠋ᠨ ᠪᠡᠯᠴᠢᠭᠡᠷ ᠦ᠋ᠨ ᠪᠦᠯᠦᠭᠯᠡᠯ ᠦ᠋ᠨ ᠰᠢᠰᠲ᠋ᠧᠮ ᠢ᠋ ᠪᠦᠷᠢᠯᠳᠦᠭᠦᠯᠳᠡᠭ᠃ ᠪᠦᠬᠦ ᠣᠷᠣᠨ ᠢ᠋ᠶ᠋ᠠᠷ ᠤᠷᠭᠤᠯᠲᠠ ᠲᠠᠢ᠃ ᠰᠢᠯᠢᠳᠡᠭ ᠲᠠᠷᠭᠤ ᠠᠪᠤᠭᠤᠯᠬᠤ ᠲᠡᠵᠢᠭᠡᠯᠲᠦ ᠤᠷᠭᠤᠮᠠᠯ᠃ ᠡᠯ᠎ᠡ ᠲᠥᠷᠥᠯ ᠦ᠋ᠨ ᠮᠠᠯ ᠲᠡᠵᠢᠭᠡᠪᠦᠷᠢ ᠳᠥᠷᠪᠡᠨ ᠤᠯᠠᠷᠢᠯ ᠳ᠋ᠤ᠌ ᠪᠦᠷ ᠳᠤᠷᠠᠲᠠᠢ ᠢᠳᠡᠨ᠎ᠡ᠃ ᠨᠠᠮᠤᠷ ᠤ᠋ᠨ ᠤᠯᠠᠷᠢᠯ ᠳ᠋ᠤ᠌ ᠬᠠᠳᠤᠵᠤ ᠬᠤᠷᠢᠶᠠᠬᠤ ᠴᠢᠬᠤᠯᠠ ᠲᠡᠵᠢᠭᠡᠯ ᠡᠪᠡᠰᠦ ᠮᠥᠨ᠂ ᠡᠳᠦᠭᠡ ᠨᠢᠭᠡᠨᠲᠡ ᠥᠷᠭᠡᠨ ᠢ᠋ᠶ᠋ᠡᠷ ᠲᠠᠷᠢᠵᠤ ᠠᠰᠢᠭᠯᠠᠵᠤ ᠪᠠᠢᠨ᠎ᠠ᠃
    ᠦᠰᠦᠭ ᠠᠮᠢᠯᠠᠭᠤᠯᠤᠭᠴᠢ᠄ ᠳ᠂ ᠡᠷᠬᠢᠮᠪᠠᠭᠠᠲᠤᠷ