ᠣᠩᠭᠣᠨ ᠰᠢᠷᠭᠠᠯ ᠣᠩᠨᠢᠭᠤᠳ -ᠮᠠᠨᠳᠤᠬᠤ ᠪᠠᠭᠰᠢ ᠶᠢᠨ ᠤᠷᠠᠨ ᠪᠢᠴᠢᠯᠭᠡ
ᠣᠩᠭᠣᠨ ᠰᠢᠷᠭᠠᠯ ᠣᠩᠨᠢᠭᠤᠳ
ᠰᠢᠯᠦᠭ᠄ ᠰᠡᠴᠡᠨᠳᠠᠯᠠᠢ
ᠠᠶ᠎ᠠ᠄ ᠪᠦᠷᠢᠨᠳᠡᠯᠭᠡᠷ
ᠳᠠᠭᠤᠴᠢᠨ᠄ ᠪᠦᠷᠢᠨᠳᠡᠯᠭᠡᠷ ᠷᠢᠨᠴᠢᠩᠬᠤᠸᠠᠷ
ᠠᠯᠠᠭ ᠬᠠᠢᠷᠬᠠᠨ ᠨᠢ ᠰᠦᠮᠡᠯᠵᠡᠭᠡᠳ
ᠠᠯᠳᠠᠷᠠᠢᠬᠠᠨ ᠪᠤᠮᠠᠨ ᠴᠠᠭᠠᠨ
ᠠᠯᠠᠭ ᠨᠢᠳᠦ ᠨᠢ ᠲᠣᠷᠮᠣᠯᠵᠠᠭᠠᠳ
ᠠᠮᠠᠷᠠᠭ ᠤ᠋ᠨ ᠬᠠᠷᠠᠴᠠ ᠰᠢᠭ᠋ ᠴᠡᠭᠡᠨ
ᠠᠷᠴᠠ ᠶ᠋ᠢᠨ ᠪᠠᠷ᠎ᠠ ᠨᠢ ᠬᠥᠬᠡᠷᠡᠭᠡᠳ
ᠠᠯᠤᠰ ᠲᠤ᠌ ᠴᠡᠯᠡᠯᠵᠡᠩᠬᠡᠨ ᠬᠠᠢᠯᠠᠰᠤᠨ
ᠠᠰᠢᠳᠠ ᠶ᠋ᠢᠨ ᠪᠤᠶᠠᠨ ᠨᠢ ᠵᠠᠶᠠᠭᠠᠭᠠᠳ
ᠠᠮᠢᠳᠤᠷᠠᠨ ᠰᠠᠭᠤᠮᠠᠷ ᠠᠰᠢᠬᠠᠨ
ᠠ ᠬᠦ ᠣᠩᠨᠢᠭᠤᠳ ᠮᠢᠨᠢ
ᠵᠡᠭᠦᠳᠦᠨ ᠳ᠋ᠦ᠍ ᠬᠣᠨᠣᠭᠰᠢᠭᠰᠠᠨ ᠨᠤᠲᠤᠭ
ᠠ ᠬᠦ ᠣᠩᠨᠢᠭᠤᠳ ᠮᠢᠨᠢ
ᠵᠢᠷᠦᠬᠡᠨ ᠳ᠋ᠦ᠍ ᠤᠶᠠᠭᠠᠲᠠᠢ ᠣᠷᠣᠨ
ᠨᠢᠳᠦᠨ ᠪᠤᠯᠠᠭ ᠤ᠋ᠨ ᠡᠬᠢᠨ ᠡᠴᠡ
ᠨᠠᠭᠤᠷ ᠢ᠋ᠶ᠋ᠠᠨ ᠲᠡᠮᠡᠦᠯᠦᠭᠰᠡᠨ ᠬᠦᠢᠲᠡᠨ
ᠨᠤᠤᠬ᠎ᠠ ᠶ᠋ᠢᠨ ᠭᠣᠣᠯ ᠤ᠋ᠨ ᠬᠥᠪᠡᠭᠡᠨ ᠡᠴᠡ
ᠨᠤᠲᠤᠭ ᠢ᠋ᠶ᠋ᠠᠨ ᠰᠠᠨᠠᠭᠰᠠᠨ ᠭᠣᠷᠣᠬᠠᠨ
ᠢᠩᠭᠡᠨ ᠲᠡᠮᠡᠭᠡᠨ ᠦ᠌ ᠪᠤᠢᠯᠠᠭᠠᠨ ᠳ᠋ᠤ᠌ ᠨᠢ
ᠨᠢᠯᠪᠤᠰᠤ ᠨᠢ ᠮᠡᠯᠮᠡᠷᠡᠩᠭᠡᠨ ᠪᠦᠯᠢᠶᠡᠨ
ᠶᠡᠬᠡ ᠮᠠᠩᠬᠠᠨ ᠵᠡᠷᠭᠡᠯᠭᠡᠨ ᠳ᠋ᠦ᠍ ᠨᠢ
ᠨᠣᠮᠢᠨ ᠴᠡᠩᠬᠡᠷᠬᠡᠨ ᠪᠦᠷᠢᠳᠦᠨ
ᠠ ᠬᠦ ᠣᠩᠨᠢᠭᠤᠳ ᠮᠢᠨᠢ
ᠵᠡᠭᠦᠳᠦᠨ ᠳ᠋ᠦ᠍ ᠬᠣᠨᠣᠭᠰᠢᠭᠰᠠᠨ ᠨᠤᠲᠤᠭ
ᠠ ᠬᠦ ᠣᠩᠨᠢᠭᠤᠳ ᠮᠢᠨᠢ
ᠵᠢᠷᠦᠬᠡᠨ ᠳ᠋ᠦ᠍ ᠤᠶᠠᠭᠠᠲᠠᠢ ᠣᠷᠣᠨ
ᠤᠯᠠᠭᠠᠨ ᠬᠠᠳᠠ ᠶ᠋ᠢᠨ ᠠᠭᠤᠳᠠᠮ
ᠤᠳᠠᠨ ᠲᠣᠬᠣᠢ ᠶ᠋ᠢᠨ ᠵᠤᠰᠠᠯᠠᠩ
ᠤᠷᠲᠤ ᠶ᠋ᠢᠨ ᠳᠠᠭᠤᠤ ᠶ᠋ᠢᠨ ᠠᠶᠠᠯᠭᠤ ᠲᠠᠢ
ᠤᠰᠤᠨ ᠤ᠋ ᠰᠢᠪᠠᠭᠤᠳ ᠤ᠋ᠨ ᠬᠡᠷᠰᠡᠩ
ᠣᠯᠠᠨ ᠵᠠᠭᠤᠨ ᠮᠢᠩᠭᠠᠨ ᠤ᠋
ᠣᠨ ᠵᠢᠯ ᠦ᠋ᠨ ᠰᠢᠷᠠᠮᠥ᠋ᠷᠡᠨ
ᠣᠳᠣᠨ ᠰᠠᠷᠠᠨ ᠨᠠᠷᠠᠨ ᠤ᠋
ᠣᠩᠭᠣᠨ ᠰᠢᠷᠭᠠᠯ ᠣᠩᠨᠢᠭᠤᠳ
ᠦᠰᠦᠭ ᠬᠠᠳᠠᠭᠴᠢ᠄ ᠮᠠᠨᠳᠤᠬᠤ ᠪᠠᠭᠰᠢ
ᠦᠰᠦᠭ ᠠᠮᠢᠯᠠᠭᠤᠯᠤᠭᠴᠢ᠄ ᠠᠵᠠᠵᠠᠶᠠᠭ᠎ᠠ
ᠬᠢᠨᠠᠭᠴᠢ᠄ ᠤᠳᠬᠠᠨᠰᠸᠠ ᠰ᠂ ᠳᠣᠷᠣᠨ᠎ᠠ ᠬᠠᠢ ᠵᠢᠶᠦ᠋ᠨ ᠰᠡᠬᠡᠭᠡᠷᠡᠯ
