ᠳᠡᠯᠡᠬᠡᠢ ᠮᠢᠨᠢ ᠬᠥᠮᠦᠰ ᠮᠢᠨᠢ- ᠡᠩᠬᠡᠵᠣᠯᠠ᠂ ᠴᠢᠩᠪᠠᠶᠠᠷДэлхий минь хүмүүс минь-Энхзул,Чанбаяр ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠡᠯᠡᠬᠡᠢ ᠮᠢᠨᠢ ᠬᠥᠮᠦᠰ ᠮᠢᠨᠢ- ᠡᠩᠬᠡᠵᠣᠯᠠ᠂ ᠴᠢᠩᠪᠠᠶᠠᠷДэлхий минь хүмүүс минь-Энхзул,Чанбаяр

ᠳᠡᠯᠡᠬᠡᠢ ᠮᠢᠨᠢ ᠬᠥᠮᠦᠰ ᠮᠢᠨᠢ- ᠡᠩᠬᠡᠵᠣᠯᠠ᠂ ᠴᠢᠩᠪᠠᠶᠠᠷДэлхий минь хүмүүс минь-Энхзул,Чанбаяр

ᠠᠩᠭᠢᠯᠠᠯ:ᠳᠠᠭᠤᠤ ᠬᠥᠭᠵᠢᠮ
2024-02-16

1162

ᠳᠡᠯᠡᠬᠡᠢ ᠮᠢᠨᠢ ᠬᠥᠮᠦᠰ ᠮᠢᠨᠢ

   ᠦᠭᠡ᠄ ᠳᠠᠭᠸᠠᠳᠤᠷᠵᠢ 
   ᠠᠶ᠎ᠠ᠄ ᠬᠡ᠂ ᠰᠡᠷᠭᠦᠯᠡᠩ  
   ᠳᠠᠭᠤᠤ᠄ ᠡᠩᠬᠡᠵᠣᠯᠠ᠂ ᠴᠢᠩᠪᠠᠶᠠᠷ 

ᠳᠠᠭᠤᠤ ᠳᠠᠭᠤᠨ ᠤ᠋ ᠰᠠᠢᠬᠠᠨ ᠢ᠋ ᠳᠠᠭᠤᠯᠠᠭᠠᠴᠢ ᠲᠠ ᠳᠡᠯᠡᠬᠡᠢ ᠮᠢᠨᠢ 
ᠴᠡᠴᠡᠭ ᠴᠡᠴᠡᠭᠡᠰ ᠦ᠋ᠨ ᠭᠣᠶᠣᠮᠰᠣᠭ ᠢ᠋ ᠲᠡᠪᠡᠷᠢᠭᠡᠳ ᠢᠨᠢᠶᠡᠭᠡᠴᠢ ᠬᠥᠮᠦᠰ ᠮᠢᠨᠢ 
ᠡᠵᠢ ᠡᠵᠢ ᠶ᠋ᠢᠨ ᠬᠡᠦᠬᠡᠳ ᠦ᠋ᠳ ᠢᠯᠭᠠᠯ ᠦᠭᠡᠢ ᠪᠢᠯᠡ ᠳᠡᠯᠡᠬᠡᠢ ᠮᠢᠨᠢ 
ᠡᠬᠡ ᠬᠥᠮᠦᠨ ᠦ᠌ ᠰᠡᠳᠬᠢᠯ ᠦᠷ᠎ᠡ ᠳ᠋ᠦ᠍ ᠪᠡᠨ ᠵᠢᠷᠭᠠᠯ ᠢ᠋ ᠬᠦᠰᠡᠨ᠎ᠡ ᠬᠥᠮᠦᠰ ᠮᠢᠨᠢ
ᠨᠠᠷᠠ ᠨᠠᠷᠠᠨ ᠤ᠋ ᠰᠠᠴᠤᠷᠠᠭ ᠢ᠋ ᠠᠳᠬᠤᠭᠠᠴᠢ ᠲᠠ ᠳᠡᠯᠡᠬᠡᠢ ᠮᠢᠨᠢ 
ᠨᠠᠢᠷᠠᠭ ᠰᠢᠯᠦᠭ ᠦ᠋ᠨ ᠰᠠᠨᠠᠭ᠎ᠠ ᠶ᠋ᠢ ᠵᠢᠷᠦᠬᠡᠨ ᠳ᠋ᠦ᠍ ᠮᠢᠨᠢ ᠢᠯᠡᠭᠡᠭᠡᠴᠢ ᠬᠥᠮᠦᠰ ᠮᠢᠨᠢ 
ᠬᠥᠮᠦᠨ ᠡᠴᠡ ᠳᠡᠭᠡᠳᠦ ᠤᠬᠠᠭᠠᠨᠲᠠᠨ ᠭᠡᠵᠦ ᠪᠠᠢᠬᠤ ᠦᠭᠡᠢ ᠪᠢᠯᠡ ᠳᠡᠯᠡᠬᠡᠢ ᠮᠢᠨᠢ
ᠬᠥᠮᠦᠨ ᠪᠢᠳᠡ ᠲᠡᠭᠡᠬᠦᠯᠡᠷ ᠢ᠋ᠶ᠋ᠡᠨ ᠳᠡᠯᠡᠬᠡᠢ ᠳ᠋ᠦ᠍ ᠪᠡᠨ ᠳᠡᠭᠡᠳᠦ ᠨᠢ ᠪᠢᠯᠡ ᠬᠥᠮᠦᠰ ᠮᠢᠨᠢ
ᠬᠦᠯᠦᠭ ᠬᠦᠯᠦᠭ ᠦ᠋ᠨ ᠬᠤᠷᠳᠤᠨ ᠢ᠋ ᠨᠢᠰᠬᠡᠭᠡᠴᠢ ᠲᠠ ᠳᠡᠯᠡᠬᠡᠢ ᠮᠢᠨᠢ
ᠬᠣᠯᠠ ᠶ᠋ᠢᠨ ᠭᠠᠷᠠᠭ ᠲᠤ᠌ ᠴᠡᠴᠡᠭᠡᠰ ᠢ᠋ ᠤᠷᠭᠤᠭᠤᠯᠤᠭᠠᠳ ᠢᠷᠡᠭᠡᠴᠢ ᠬᠥᠮᠦᠰ ᠮᠢᠨᠢ
ᠰᠠᠨᠰᠠᠷ ᠤ᠋ᠨ ᠠᠭᠤᠳᠠᠮ ᠳ᠋ᠤ᠌ ᠡᠵᠢ ᠨᠢ ᠬᠦᠦ ᠪᠡᠨ ᠬᠦᠯᠢᠶᠡᠵᠦ ᠪᠠᠢᠭ ᠳᠡᠯᠡᠬᠡᠢ ᠮᠢᠨᠢ
ᠰᠠᠢᠨ ᠦᠢᠯᠡᠰᠲᠦ ᠤᠴᠠᠷᠠᠯ ᠢ᠋ ᠦᠵᠡᠵᠦ ᠤᠶᠠᠷᠠᠨ ᠢᠨᠢᠶᠡᠶ᠎ᠡ ᠬᠥᠮᠦᠰ ᠮᠢᠨᠢ
ᠡᠵᠢ ᠡᠵᠢ ᠶ᠋ᠢᠨ ᠬᠡᠦᠬᠡᠳ ᠦ᠋ᠳ ᠢᠯᠭᠠᠯ ᠦᠭᠡᠢ ᠪᠢᠯᠡ ᠳᠡᠯᠡᠬᠡᠢ ᠮᠢᠨᠢ
ᠡᠬᠡ ᠬᠥᠮᠦᠨ ᠦ᠌ ᠰᠡᠳᠬᠢᠯ ᠦᠷ᠎ᠡ ᠳ᠋ᠦ᠍ ᠪᠡᠨ ᠵᠢᠷᠭᠠᠯ ᠢ᠋ ᠬᠦᠰᠡᠨ᠎ᠡ ᠬᠥᠮᠦᠰ ᠮᠢᠨᠢ
ᠡᠬᠡ ᠬᠥᠮᠦᠨ ᠦ᠌ ᠰᠡᠳᠬᠢᠯ ᠦᠷ᠎ᠡ ᠳ᠋ᠦ᠍ ᠪᠡᠨ ᠵᠢᠷᠭᠠᠯ ᠢ᠋ ᠬᠦᠰᠡᠨ᠎ᠡ ᠬᠥᠮᠦᠰ ᠮᠢᠨᠢ

   ᠦᠰᠦᠭ ᠠᠮᠢᠯᠠᠭᠤᠯᠤᠭᠴᠢ᠄ ᠤᠷᠢᠶᠠᠩᠬᠠᠢ ᠨᠠᠷᠠᠨᠮᠠᠨᠳᠠ
   ᠦᠰᠦᠭ ᠬᠢᠨᠠᠭᠴᠢ᠄ ᠣᠳᠬᠤᠨᠴᠡᠴᠡᠭ