ᠰᠠᠢᠨ ᠤ᠋ ᠢᠷᠥᠭᠡᠯ - ᠮᠠᠨᠳᠤᠬᠤ ᠪᠠᠭᠰᠢ ᠶ᠋ᠢᠨ ᠤᠷᠠᠨ ᠪᠢᠴᠢᠯᠭᠡ ᠤᠷᠠᠨ ᠪᠢᠴᠢᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠤ᠋ ᠢᠷᠥᠭᠡᠯ - ᠮᠠᠨᠳᠤᠬᠤ ᠪᠠᠭᠰᠢ ᠶ᠋ᠢᠨ ᠤᠷᠠᠨ ᠪᠢᠴᠢᠯᠭᠡ

ᠰᠠᠢᠨ ᠤ᠋ ᠢᠷᠥᠭᠡᠯ - ᠮᠠᠨᠳᠤᠬᠤ ᠪᠠᠭᠰᠢ ᠶ᠋ᠢᠨ ᠤᠷᠠᠨ ᠪᠢᠴᠢᠯᠭᠡ

ᠠᠩᠭᠢᠯᠠᠯ:ᠤᠷᠠᠨ ᠪᠢᠴᠢᠯᠭᠡ
2024-02-16

414

ᠰᠠᠢᠨ ᠤ᠋ ᠢᠷᠥᠭᠡᠯ


ᠮᠥᠩᠭᠥᠨ ᠶᠤ᠌ ᠠᠶᠠᠭ᠎ᠠ ᠲᠠᠢ ᠰᠠᠷᠬᠤᠳ ᠶᠤᠭᠠᠨ
ᠮᠥᠷᠭᠥᠩᠬᠡᠨ ᠪᠠᠷᠢᠵᠤ ᠳᠡᠪᠰᠢᠭᠦᠯᠦᠶ᠎ᠡ
ᠥᠨᠳᠥᠷ ᠪᠤᠭᠤᠷᠤᠯ ᠨᠠᠰᠤᠲᠠᠳ ᠤ᠋ᠨ ᠢ᠋ᠶ᠋ᠠᠨ
ᠥᠨᠢᠳᠡ ᠶ᠋ᠢᠨ ᠵᠢᠷᠭᠠᠯ ᠢ᠋ ᠢᠷᠥᠭᠡᠶ᠎ᠡ ᠃  
ᠠᠢ ᠬᠠᠢ
ᠰᠠᠭᠠᠯᠢ ᠶ᠋ᠢᠨ ᠰᠢᠮ᠎ᠡ ᠲᠡᠢ ᠰᠠᠷᠬᠤᠳ ᠢ᠋ ᠮᠢᠨᠢ
ᠰᠠᠢᠬᠠᠨ ᠪᠤᠭᠤᠷᠤᠯ ᠤ᠋ᠳ ᠮᠢᠨᠢ ᠲᠣᠭᠲᠠᠭᠠᠭᠠᠷᠠᠢ
ᠰᠠᠢᠨ ᠤ᠋ ᠢᠷᠦᠭᠡᠯ ᠲᠡᠢ ᠳᠠᠭᠤᠤ ᠶ᠋ᠢ ᠮᠢᠨᠢ
ᠰᠠᠨᠠᠨ ᠰᠠᠨᠠᠩᠬᠠᠨ ᠳᠠᠭᠤᠯᠠᠭᠠᠷᠠᠢ ᠃  

ᠠᠷᠢᠭᠤᠨ ᠴᠡᠩᠬᠡᠷ ᠬᠠᠳᠠᠭ ᠶᠤᠭᠠᠨ
ᠠᠯᠳᠠᠯᠠᠨ ᠪᠠᠢᠵᠤ ᠳᠡᠪᠰᠢᠭᠦᠯᠦᠶ᠎ᠡ
ᠠᠨᠳᠠ ᠣᠯᠠᠨ ᠨᠥᠬᠥᠳ ᠦ᠋ᠨ ᠢ᠋ᠶ᠋ᠡᠨ
ᠠᠰᠢᠳᠠ ᠶ᠋ᠢᠨ ᠠᠮᠵᠢᠯᠲᠠ ᠶ᠋ᠢ ᠢᠷᠥᠭᠡᠶ᠎ᠡ ᠃  
ᠠᠢ ᠬᠠᠢ
ᠰᠠᠭᠠᠯᠢ ᠶ᠋ᠢᠨ ᠰᠢᠮ᠎ᠡ ᠲᠡᠢ ᠰᠠᠷᠬᠤᠳ ᠢ᠋ ᠮᠢᠨᠢ
ᠰᠠᠢᠬᠠᠨ ᠠᠨᠳᠠ ᠨᠤᠭᠤᠳ ᠮᠢᠨᠢ ᠲᠣᠭᠲᠠᠭᠠᠭᠠᠷᠠᠢ
ᠰᠠᠢᠨ ᠤ᠋ ᠢᠷᠦᠭᠡᠯ ᠲᠡᠢ ᠳᠠᠭᠤᠤ ᠶ᠋ᠢ ᠮᠢᠨᠢ
ᠰᠠᠨᠠᠨ ᠰᠠᠨᠠᠩᠬᠠᠨ ᠳᠠᠭᠤᠯᠠᠭᠠᠷᠠᠢ᠃ 

ᠡᠪ ᠦ᠋ᠨ ᠴᠠᠭᠠᠨ ᠥᠷᠭᠥᠭᠡ ᠶᠦᠭᠡᠨ
ᠡᠭᠡᠰᠢᠭ ᠳᠠᠭᠤᠤ ᠪᠠᠷ ᠢ᠋ᠶ᠋ᠠᠨ ᠪᠠᠶᠠᠰᠬᠠᠶ᠎ᠠ
ᠡᠷᠳᠡᠨᠢᠲᠦ ᠪᠠᠶᠠᠨ ᠨᠤᠲᠤᠭ ᠤ᠋ᠨ ᠢ᠋ᠶ᠋ᠠᠨ
ᠡᠩᠬᠡ ᠠᠮᠤᠭᠤᠯᠠᠩ ᠢ᠋ ᠢᠷᠥᠭᠡᠶ᠎ᠡ᠃ 
ᠠᠢ ᠬᠠᠢ
ᠰᠠᠭᠠᠯᠢ ᠶ᠋ᠢᠨ ᠰᠢᠮ᠎ᠡ ᠲᠡᠢ ᠰᠠᠴᠤᠯᠢ ᠶᠤᠭᠠᠨ
ᠰᠠᠢᠬᠠᠨ ᠨᠤᠲᠤᠭ ᠲᠠᠭᠠᠨ ᠡᠷᠭᠦᠭᠡᠷᠡᠢ
ᠰᠠᠢᠨ ᠤ᠋ ᠢᠷᠦᠭᠡᠯ ᠲᠡᠢ ᠳᠠᠭᠤᠤ ᠶ᠋ᠢ ᠮᠢᠨᠢ
ᠰᠠᠨᠠᠨ ᠰᠠᠨᠠᠩᠬᠠᠨ ᠳᠠᠭᠤᠯᠠᠭᠠᠷᠠᠢ᠃ 
ᠰᠠᠭᠠᠯᠢ ᠶ᠋ᠢᠨ ᠰᠢᠮ᠎ᠡ ᠲᠡᠢ ᠰᠠᠴᠤᠯᠢ ᠶᠤᠭᠠᠨ
ᠰᠠᠢᠬᠠᠨ ᠨᠤᠲᠤᠭ ᠲᠠᠭᠠᠨ ᠡᠷᠭᠦᠭᠡᠷᠡᠢ
ᠰᠠᠢᠨ ᠤ᠋ ᠢᠷᠦᠭᠡᠯ ᠲᠡᠢ ᠳᠠᠭᠤᠤ ᠶ᠋ᠢ ᠮᠢᠨᠢ
ᠰᠠᠨᠠᠨ ᠰᠠᠨᠠᠩᠬᠠᠨ ᠳᠠᠭᠤᠯᠠᠭᠠᠷᠠᠢ᠃ 

ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ