ᠬᠠᠢᠷ᠎ᠠ ᠨᠠᠭᠤᠷ ᠬᠣᠶᠠᠷ- ᠨ ∙ ᠨᠠᠷᠠᠨᠴᠠᠴᠤᠷᠠᠯХайр нуур хоёр дуучин СТА Н.Наранцацрал
ᠬᠠᠢᠷ᠎ᠠ ᠨᠠᠭᠤᠷ ᠬᠣᠶᠠᠷ
ᠰᠢᠯᠦᠭ᠄ ᠨ· ᠪᠠᠭᠠᠲᠤᠷᠰᠥ᠋ᠷᠦᠩ
ᠠᠶ᠎ᠠ᠄ ᠣ· ᠫᠥ᠋ᠷᠪᠦᠰᠥ᠋ᠷᠦᠩ
ᠳᠠᠭᠤᠴᠢᠨ᠄ ᠨᠠᠷᠠᠨᠰᠠᠴᠤᠷᠠᠯ
ᠳᠠᠷᠬᠢ ᠶ᠋ᠢᠨ ᠴᠠᠭᠠᠨ ᠨᠠᠭᠤᠷᠠᠨ ᠳ᠋ᠤ᠌ ᠪᠠᠨ
ᠲᠡᠷᠭᠡᠯ ᠰᠠᠷ᠎ᠠ ᠨᠢ ᠬᠣᠨᠣᠯ᠎ᠠ ᠳᠠ
ᠲᠡᠷᠲᠡᠭᠡ ᠬᠣᠯᠠ ᠶ᠋ᠢᠨ ᠴᠢᠮ᠎ᠠ ᠶ᠋ᠢ ᠪᠡᠨ
ᠲᠡᠪᠡᠷᠢᠵᠦ ᠦᠨᠦᠰᠦᠭᠡᠳ ᠳᠠᠰᠤᠭ᠎ᠠ ᠤᠤ
ᠬᠠᠩᠭᠠᠢ ᠴᠠᠭᠠᠨ ᠨᠠᠭᠤᠷ ᠮᠢᠨᠢ
ᠬᠣᠯᠠ ᠶ᠋ᠢᠨ ᠵᠣᠴᠢᠨ ᠢ᠋ᠶ᠋ᠠᠨ ᠤᠭᠲᠤᠯ᠎ᠠ ᠳᠠ
ᠬᠠᠢᠷ᠎ᠠ ᠭᠡᠷᠡᠯᠲᠦᠭᠰᠡᠨ ᠨᠠᠢᠵᠠ ᠮᠢᠨᠢ
ᠬᠠᠪᠤᠷ ᠤ᠋ᠨ ᠢᠷᠭᠤᠢ ᠰᠢᠭ᠋ ᠳᠡᠯᠭᠡᠷᠡᠭᠡᠷᠡᠢ
ᠠᠭᠤᠵᠢᠮ ᠴᠠᠭᠠᠨ ᠨᠠᠭᠤᠷ ᠨᠢ
ᠤᠶᠠᠷᠠᠵᠤ ᠴᠡᠯᠡᠯᠵᠡᠭᠡᠳ ᠪᠠᠢᠨ᠎ᠠ ᠤᠤ ᠳᠠ
ᠦᠭᠡ ᠨᠢ ᠴᠥᠭᠡᠨ ᠲᠡᠢ ᠲᠡᠷᠡ ᠮᠢᠨᠢ
ᠦᠨᠡᠬᠡᠷ ᠯᠡ ᠰᠡᠳᠬᠢᠯ ᠲᠠᠲᠠᠮᠠᠷ ᠠ
ᠮᠥᠩᠭᠥᠯᠢᠭ ᠴᠠᠭᠠᠨ ᠳᠠᠷᠬᠢ ᠶ᠋ᠢᠨ ᠭᠣᠣᠯ
ᠮᠢᠷᠠᠯᠵᠠᠨ ᠳᠣᠯᠭᠢᠶᠠᠯᠠᠭᠠᠳ ᠪᠠᠢᠨ᠎ᠠ ᠤᠤ ᠳᠠ
ᠮᠢᠨᠦ ᠬᠠᠢᠷᠠᠲᠠᠢ ᠨᠠᠢᠵᠠ ᠮᠢᠨᠢ
ᠮᠡᠯᠲᠡᠯᠵᠡᠭᠰᠡᠨ ᠰᠦ ᠰᠢᠭ ᠠᠮᠢᠳᠤᠷᠠᠭᠠᠷᠠᠢ
ᠮᠡᠯᠲᠡᠯᠵᠡᠭᠰᠡᠨ ᠰᠦ ᠰᠢᠭ ᠠᠮᠢᠳᠤᠷᠠᠭᠠᠷᠠᠢ
ᠬᠠᠯᠭᠢᠯᠠᠭᠰᠠᠨ ᠴᠠᠭᠠᠨ ᠨᠠᠭᠤᠷ ᠤ᠋ᠨ ᠢ᠋ᠶ᠋ᠠᠨ
ᠬᠠᠶᠠᠭᠠᠨ ᠳ᠋ᠤ᠌ ᠨᠢ ᠠᠮᠠᠷ ᠯᠠ ᠥᠨᠵᠢᠯᠡ ᠳᠡ
ᠬᠠᠢᠷ᠎ᠠ ᠨᠠᠭᠤᠷ ᠬᠣᠶᠠᠷ ᠢ᠋ᠶ᠋ᠠᠨ ᠪᠢ
ᠬᠠᠷᠠᠮᠯᠠᠭᠠᠳ ᠪᠠᠢᠮᠠᠷ ᠰᠠᠨᠠᠭᠳᠠᠯ᠎ᠠ ᠳᠠ
ᠬᠠᠩᠭᠠᠢ ᠴᠠᠭᠠᠨ ᠨᠠᠭᠤᠷ ᠮᠢᠨᠢ
ᠬᠣᠯᠠ ᠶ᠋ᠢᠨ ᠵᠣᠴᠢᠨ ᠢ᠋ᠶ᠋ᠠᠨ ᠤᠭᠲᠤᠯ᠎ᠠ ᠳᠠ
ᠬᠠᠢᠷ᠎ᠠ ᠭᠡᠷᠡᠯᠲᠦᠭᠰᠡᠨ ᠨᠠᠢᠵᠠ ᠮᠢᠨᠢ
ᠬᠠᠪᠤᠷ ᠤ᠋ᠨ ᠢᠷᠭᠤᠢ ᠰᠢᠭ᠋ ᠳᠡᠯᠭᠡᠷᠡᠭᠡᠷᠡᠢ
ᠮᠥᠩᠭᠥᠯᠢᠭ ᠴᠠᠭᠠᠨ ᠳᠠᠷᠬᠢ ᠶ᠋ᠢᠨ ᠭᠣᠣᠯ
ᠮᠢᠷᠠᠯᠵᠠᠨ ᠳᠣᠯᠭᠢᠶᠠᠯᠠᠭᠠᠳ ᠪᠠᠢᠨ᠎ᠠ ᠤᠤ ᠳᠠ
ᠮᠢᠨᠦ ᠬᠠᠢᠷ᠎ᠠ ᠲᠠᠢ ᠨᠠᠢᠵᠠ ᠮᠢᠨᠢ
ᠮᠡᠯᠲᠡᠯᠵᠡᠭᠰᠡᠨ ᠰᠦ ᠰᠢᠭ ᠠᠮᠢᠳᠤᠷᠠᠭᠠᠷᠠᠢ
ᠬᠠᠪᠤᠷ ᠤ᠋ᠨ ᠢᠷᠭᠤᠢ ᠰᠢᠭ᠋ ᠳᠡᠯᠭᠡᠷᠡᠭᠡᠷᠡᠢ
ᠦᠰᠦᠭ ᠠᠮᠢᠯᠠᠭᠤᠯᠤᠭᠴᠢ᠄ ᠣᠶᠤᠨᠴᠡᠴᠡᠭ
ᠦᠰᠦᠭ ᠬᠠᠲᠠᠭᠴᠢ᠄ ᠳᠡᠯᠭᠡᠷᠴᠡᠴᠡᠭ
ᠬᠢᠨᠠᠭᠴᠢ᠄ ᠭᠠᠷᠮ᠎ᠠ
