ᠰᠣᠯᠢᠭ ᠤᠷᠤᠰᠬᠠᠯ- ᠬᠣᠨᠳᠣᠨ ᠪᠠᠭᠠᠲᠤᠷСолиг урсгал-хондон баатар
ᠰᠣᠯᠢᠭ ᠤᠷᠤᠰᠬᠠᠯ
ᠬᠣᠨᠳᠣᠨ ᠪᠠᠭᠠᠲᠤᠷ
ᠬᠠᠮᠢᠭ᠎ᠠ ᠠ᠋ᠴᠠ ᠶᠠᠭᠠᠬᠢᠵᠤ ᠲᠣᠳᠣᠷᠠᠭᠰᠠᠨ ᠨᠢ ᠡᠰᠡ ᠮᠡᠳᠡᠭᠳᠡᠬᠦ
ᠬᠠᠴᠢᠨ ᠰᠣᠨᠢᠨ ᠤᠪᠠᠳᠢᠰ ᠲᠠᠢ ᠦᠵᠡᠭᠡᠴᠢ ᠰᠢᠨᠵᠢᠭᠡᠴᠢ
ᠬᠤᠷᠳᠤᠨ ᠭᠠᠷ᠂ ᠲᠢᠺ ᠲᠣᠺ ᠢ᠋ᠶ᠋ᠠᠷ ᠫᠢᠳ ᠳᠦᠭᠦᠷᠦᠭᠡᠳ
ᠬᠣᠲᠠᠯᠠ ᠲᠦᠮᠡᠨ ᠢ᠋ ᠵᠠᠶᠠᠭ᠎ᠠ ᠲᠠᠪᠢᠯᠠᠩ ᠢ᠋ ᠮᠡᠷᠭᠡᠯᠡᠵᠦ ᠶᠠᠭᠠᠷᠠᠯᠳᠤᠨ᠎ᠠ
ᠥᠪᠡᠷ ᠢ᠋ᠶ᠋ᠡᠨ ᠶᠠᠭᠤ ᠠᠢᠯᠠᠳᠴᠤ ᠪᠠᠢᠬᠤ ᠪᠠᠨ ᠴᠤ᠌ ᠮᠡᠳᠡᠬᠦ ᠦᠭᠡᠢ
ᠥᠩᠭᠡᠲᠦ ᠣᠷᠴᠢᠯᠠᠩ ᠤ᠋ᠨ ᠵᠢᠮ᠎ᠡ ᠶᠣᠰᠣ ᠶ᠋ᠢ ᠥᠴᠦᠬᠡᠨ ᠴᠦ᠍ ᠣᠢᠯᠠᠭᠠᠬᠤ ᠦᠭᠡᠢ ᠪᠠᠢᠵᠤ
ᠥᠴᠦᠬᠡᠨ ᠠᠰᠢᠭ ᠣᠯᠵᠠ ᠶ᠋ᠢᠨ ᠲᠥᠯᠥᠭᠡ ᠣᠪᠣᠭ ᠶᠠᠰᠤ ᠪᠠᠨ ᠤᠯᠠ ᠳ᠋ᠤ᠌ ᠪᠠᠨ ᠭᠢᠰᠬᠢᠵᠦ
ᠦᠭᠡᠭᠦᠦ ᠠᠷᠠᠳ ᠤ᠋ᠨ ᠴᠢᠰᠤᠨ ᠠ᠋ᠴᠠ ᠳᠤᠰᠤᠯ ᠳᠤᠰᠤᠯ ᠢ᠋ᠶ᠋ᠠᠷ ᠰᠣᠷᠣᠬᠤ ᠶ᠋ᠢ ᠭᠣᠷᠢᠳᠠᠨ᠎ᠠ
ᠡᠪᠡᠳᠴᠢᠨ ᠵᠣᠪᠠᠯᠠᠩ ᠳ᠋ᠤ᠌ ᠣᠷᠢᠶᠠᠭᠳᠠᠨ ᠭᠠᠷ ᠮᠤᠬᠤᠷᠳᠠᠭᠰᠠᠨ
ᠡᠮᠨᠡᠭᠦᠯᠵᠦ ᠦᠵᠡᠭᠦᠯᠬᠦ ᠵᠣᠭᠣᠰ ᠮᠥᠩᠭᠥ ᠦᠭᠡᠢ ᠰᠡᠳᠬᠢᠯ ᠴᠥᠬᠥᠷᠦᠭᠰᠡᠨ ᠵᠠᠷᠢᠮ ᠤ᠋ᠳ
ᠡᠴᠦᠰ ᠦ᠋ᠨ ᠭᠣᠷᠢᠳᠠᠯᠭ᠎ᠠ ᠡᠪᠦᠷᠯᠡᠨ ᠥᠪᠡᠷ ᠦ᠋ᠨ ᠪᠡᠶ᠎ᠡ ᠪᠡᠨ ᠠᠷᠭᠠᠳᠠᠨ
ᠢᠲᠡᠭᠡᠬᠦ ᠢᠲᠡᠭᠡᠬᠦ ᠦᠭᠡᠢ ᠶ᠋ᠢᠨ ᠬᠣᠭᠣᠷᠣᠨᠳᠣ ᠥᠭᠡᠰᠢ ᠲᠣᠣᠷ ᠲᠤ᠌ ᠨᠢ ᠤᠨᠠᠨ᠎ᠠ
ᠴᠠᠰᠤ ᠰᠢᠭᠤᠷᠭᠠᠨ ᠠ᠋ᠴᠠ ᠴᠤ᠌ ᠠᠶᠤᠮᠰᠢᠭᠲᠠᠢ ᠰᠣᠯᠢᠭ ᠤᠷᠤᠰᠬᠠᠯ
ᠴᠠᠭ ᠤ᠋ᠨ ᠥᠩᠭᠡ ᠶ᠋ᠢ ᠳᠠᠭᠠᠯᠳᠤᠨ ᠨᠢᠳᠦ ᠦᠭᠡᠢ ᠲᠠᠭᠠᠷᠢᠨ᠎ᠠ
ᠴᠠᠭᠠᠳᠤᠬᠢ ᠴᠢᠨᠢ ᠬᠠᠭᠤᠷᠮᠠᠭ ᠮᠡᠬᠡ ᠭᠡᠳᠡᠭ ᠢ᠋ ᠮᠡᠳᠡᠭᠳᠡᠭᠰᠡᠭᠡᠷ ᠪᠠᠢᠵᠤ
ᠴᠠᠢᠯᠭᠠᠨ ᠠᠷᠠᠳ ᠮᠢᠨᠢ ᠢᠳᠡᠭ ᠢᠳᠡᠭ ᠢ᠋ᠶ᠋ᠡᠷ ᠤᠷᠤᠰᠬᠠᠯ ᠳᠠᠭᠠᠵᠤ ᠤᠷᠤᠭᠤᠳᠠᠨ᠎ᠠ
ᠠᠢ᠂ ᠬᠥᠭᠡᠷᠦᠬᠦᠢ ᠰᠢᠨ᠎ᠡ ᠮᠢᠩᠭᠠᠨ ᠤ᠋ ᠬᠥᠮᠦᠰ ᠮᠢᠨᠢ
ᠠᠯᠢ ᠴᠤ᠌ ᠦᠶ᠎ᠡ ᠳ᠋ᠦ᠍ ᠭᠡᠳ ᠮᠡᠬᠡᠯᠡᠭᠴᠢ ᠮᠤᠩᠳᠠᠬᠤ ᠪᠢᠰᠢ
ᠴᠠᠬᠢᠮ ᠰᠦᠯᠵᠢᠶ᠎ᠡ ᠳᠡᠯᠡᠬᠡᠢ ᠶ᠋ᠢ ᠪᠦᠷᠬᠦᠭᠰᠡᠨ ᠥᠨᠥᠳᠥᠷ ᠪᠢᠳᠡ
ᠴᠢᠰᠤ ᠰᠣᠷᠣᠳᠠᠭ ᠬᠤᠪᠠᠯᠵᠠ ᠶ᠋ᠢ ᠲᠠᠷᠭᠤᠯᠠᠭᠤᠯᠤᠭᠠᠳ ᠰᠠᠭᠤᠬᠤ ᠨᠢ ᠢᠨᠢᠶᠡᠳᠦᠮ ᠪᠢᠰᠢ ᠤᠤ?
2024 ~ 2-14
ᠰᠥᠨᠢ ᠶ᠋ᠢᠨ ᠭᠦᠨ᠎ᠡ ᠨᠡᠪᠲᠡᠷᠡᠭᠦᠯᠭᠡ ᠦᠵᠡᠭᠡᠳ ᠂ ᠂ ᠂
