ᠨᠠᠢᠷ ᠤᠨ ᠳᠠᠭᠤᠤ-ᠰᠦᠬᠡSuhee - Nairiin duu Сүхээ - Найрын дуу ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠢᠷ ᠤᠨ ᠳᠠᠭᠤᠤ-ᠰᠦᠬᠡSuhee - Nairiin duu Сүхээ - Найрын дуу

ᠨᠠᠢᠷ ᠤᠨ ᠳᠠᠭᠤᠤ-ᠰᠦᠬᠡSuhee - Nairiin duu Сүхээ - Найрын дуу

ᠠᠩᠭᠢᠯᠠᠯ:ᠳᠠᠭᠤᠤ ᠬᠥᠭᠵᠢᠮ
2024-02-15

853

ᠨᠠᠢᠷ ᠤ᠋ᠨ ᠳᠠᠭᠤᠤ

   ᠦᠭᠡ᠂ ᠠᠶ᠎ᠠ᠄ ᠰ· ᠪᠠᠳᠠᠷᠠᠬᠤ 
   ᠢᠷᠦᠭᠡᠯᠴᠢ ᠰᠦᠬᠡ ᠳᠠᠭᠤᠯᠠᠨ᠎ᠠ 

ᠪᠠᠳᠠᠷᠠᠭᠰᠠᠨ ᠵᠢᠷᠭᠠᠯ ᠤ᠋ᠨ ᠡᠬᠢᠨ ᠳ᠋ᠦ᠍ ᠠᠢ ᠬᠦ 
ᠪᠠᠶᠠᠷᠲᠤ ᠨᠠᠢᠷ ᠢ᠋ᠶ᠋ᠠᠨ ᠬᠢᠵᠡᠭᠡᠶ᠎ᠡ ᠳᠡ ᠬᠦ 
ᠨᠠᠰᠤᠲᠠᠨ ᠵᠠᠯᠠᠭᠤᠴᠤᠳ ᠨᠠᠷᠭᠢᠵᠤ ᠪᠠᠢᠨ᠎ᠠ ᠠᠢ ᠬᠦ 
ᠨᠠᠢᠷ ᠤ᠋ᠨ ᠳᠠᠭᠤᠤ ᠪᠠᠨ ᠡᠷᠭᠦᠶ᠎ᠡ ᠬᠦ 
ᠠᠢ ᠬᠦ᠂ ᠵᠠ ᠬᠦ 
ᠨᠠᠢᠷ ᠤ᠋ᠨ ᠳᠠᠭᠤᠤ ᠪᠠᠨ ᠡᠷᠭᠦᠶ᠎ᠡ ᠬᠦ 
ᠤᠯᠠᠷᠢᠯ ᠤ᠋ᠨ ᠰᠠᠢᠬᠠᠨ ᠴᠠᠭ ᠢ᠋ ᠠᠢ ᠬᠦ 
ᠤᠷᠢᠬᠠᠨ ᠬᠠᠪᠤᠷ ᠢ᠋ᠶ᠋ᠠᠷ ᠲᠠᠢᠯᠳᠠᠭ ᠳᠠ ᠬᠦ 
ᠤᠳᠤᠮᠰᠢᠯᠲᠤ ᠵᠢᠷᠭᠠᠯ ᠤ᠋ᠨ ᠡᠬᠢᠨ ᠳ᠋ᠦ᠍ ᠠᠢ ᠬᠦ 
ᠤᠷᠤᠭ ᠤ᠋ᠨ ᠢ᠋ᠶ᠋ᠠᠨ ᠨᠠᠢᠷ ᠢ᠋ᠶ᠋ᠠᠷ ᠪᠡᠶᠡᠯᠡᠭᠦᠯᠦᠶ᠎ᠡ ᠬᠦ 
ᠠᠢ ᠬᠦ᠂ ᠵᠠ ᠬᠦ
ᠤᠷᠤᠭ ᠤ᠋ᠨ ᠢ᠋ᠶ᠋ᠠᠨ ᠨᠠᠢᠷ ᠢ᠋ᠶ᠋ᠠᠷ ᠪᠡᠶᠡᠯᠡᠭᠦᠯᠦᠶ᠎ᠡ ᠬᠦ
ᠠᠬᠠᠮᠠᠳ ᠨᠠᠰᠤᠲᠠᠨ ᠢ᠋ᠶ᠋ᠠᠨ ᠬᠦᠨᠳᠦᠯᠡᠭᠡᠳ ᠠᠢ ᠬᠦ
ᠠᠴᠢ ᠲᠠᠢ ᠲᠤᠰᠠ ᠲᠠᠢ ᠶᠠᠪᠤᠭᠠᠷᠠᠢ ᠳᠠ ᠬᠦ
ᠠᠷᠠᠳ ᠣᠯᠠᠨ ᠤ᠋ ᠪᠠᠨ ᠳᠤᠮᠳᠠ ᠠᠢ ᠬᠦ
ᠨᠡᠷ᠎ᠡ ᠲᠡᠢ ᠲᠥᠷᠥ ᠲᠡᠢ ᠶᠠᠪᠤᠭᠠᠷᠠᠢ ᠳᠠ ᠬᠦ
ᠠᠢ ᠬᠦ᠂ ᠵᠠ ᠬᠦ
ᠨᠡᠷ᠎ᠡ ᠲᠡᠢ ᠲᠥᠷᠥ ᠲᠡᠢ ᠶᠠᠪᠤᠭᠠᠷᠠᠢ ᠳᠠ ᠬᠦ
ᠠᠴᠢ ᠲᠠᠢ ᠲᠤᠰᠠ ᠲᠠᠢ ᠶᠠᠪᠤᠭᠠᠷᠠᠢ ᠳᠠ ᠬᠦ

   ᠦᠰᠦᠭ ᠠᠮᠢᠯᠠᠭᠤᠯᠤᠭᠴᠢ᠄ ᠣᠶᠤᠨᠴᠡᠴᠡᠭ
   ᠦᠰᠦᠭ ᠬᠠᠲᠠᠭᠴᠢ᠄ ᠳᠡᠯᠭᠡᠷᠴᠡᠴᠡᠭ
   ᠬᠢᠨᠠᠭᠴᠢ ᠪᠠᠭᠰᠢ᠄ ᠣᠳᠬᠠᠨᠰᠣ᠎ᠠ ᠂ ᠣᠳᠬᠣᠨᠴᠡᠴᠡᠭ