ᠬᠠᠢᠷ᠎ᠠ ᠶᠢᠨ ᠳᠠᠭᠤᠤ-ᠴᠢᠯᠠᠭᠤᠨᠴᠢᠮᠡᠭ ᠪᠠᠶᠠᠨᠮᠥ᠋ᠩᠬᠡХайрын дуу-Чулуунчимэг Баянмөнх
ᠬᠠᠢᠷ᠎ᠠ ᠶ᠋ᠢᠨ ᠳᠠᠭᠤᠤ
ᠦᠭᠡ᠄ ᠰ ᠰᠠᠢᠨᠨᠢᠮᠪᠤ
ᠠᠶ᠎ᠠ᠄ ᠵ ᠵᠢᠷᠭᠠᠯᠰᠠᠢᠬᠠᠨ
ᠳᠠᠭᠤᠴᠢᠨ᠄ ᠴᠢᠯᠠᠭᠤᠨᠴᠢᠮᠡᠭ ᠪᠠᠶᠠᠨᠮᠥ᠋ᠩᠬᠡ
ᠦᠢᠮᠡᠭᠡᠨ ᠵᠦᠢᠮᠡᠭᠡᠨ ᠬᠣᠷᠸ᠎ᠠ ᠶ᠋ᠢᠨ
ᠡᠭᠦᠳᠡᠨ ᠬᠣᠢᠮᠣᠷ ᠨᠢ ᠬᠠᠮᠢᠭᠠᠬᠠᠨ ᠢ᠋ᠶ᠋ᠠᠨ ᠪᠠᠢᠳᠠᠭ ᠶᠤᠮ ᠪᠣᠢ
ᠦᠢᠮᠡᠷᠡᠭᠡ ᠵᠦᠢᠮᠡᠷᠡᠭᠡ ᠵᠡᠭᠦᠳᠦᠨ ᠦ᠌ ᠴᠢᠨᠢ
ᠦᠨᠡᠨ ᠬᠤᠳᠠᠯ ᠨᠢ ᠶᠠᠭᠤ ᠰᠠᠨ ᠪᠢᠯᠡ
ᠡᠷᠭᠢᠵᠦ ᠪᠤᠴᠠᠳᠠᠭ ᠬᠣᠷᠸ᠎ᠠ ᠶ᠋ᠢᠨ
ᠡᠬᠢᠯᠡᠯ ᠲᠡᠭᠦᠰᠬᠡᠯ ᠨᠢ ᠬᠠᠮᠢᠭᠠᠬᠠᠨ ᠢ᠋ᠶ᠋ᠠᠨ ᠪᠠᠢᠳᠠᠭ ᠶᠤᠮ ᠪᠣᠢ
ᠡᠨᠳᠡᠭᠦᠦ ᠠᠨᠳᠠᠭᠤ ᠠᠮᠢᠳᠤᠷᠠᠯ ᠤ᠋ᠨ ᠴᠢᠨᠢ
ᠡᠨᠡᠷᠢᠯ ᠤᠬᠠᠭᠠᠷᠠᠯ ᠨᠢ ᠶᠠᠭᠤ ᠰᠠᠨ ᠪᠢᠯᠡ
ᠵᠢᠷᠦᠬᠡᠨ ᠳ᠋ᠦ᠍ ᠪᠠᠳᠠᠷᠠᠭᠰᠠᠨ ᠬᠠᠢᠷ᠎ᠠ ᠶ᠋ᠢᠨ ᠤᠯᠠᠭᠠᠨ ᠰᠠᠷᠠᠨᠠᠢ
ᠴᠢ ᠮᠢᠨᠢ ᠴᠢᠮ᠎ᠠ ᠶ᠋ᠢ ᠪᠡᠨ
ᠵᠢᠷᠦᠬᠡᠨ ᠳ᠋ᠡᠭᠡᠨ ᠳᠡᠭᠡᠳᠦᠯᠡᠵᠦ ᠶᠠᠪᠤᠶ᠎ᠠ ᠳᠠ
ᠬᠦᠢᠲᠡᠨ ᠬᠠᠯᠠᠭᠤᠨ ᠬᠣᠷᠸ᠎ᠠ ᠶ᠋ᠢᠨ
ᠬᠦᠰᠡᠯ ᠬᠢᠰᠠᠯ ᠨᠢ ᠬᠠᠮᠢᠭᠠᠬᠠᠨ ᠢ᠋ᠶ᠋ᠠᠨ ᠪᠠᠢᠳᠠᠭ ᠶᠤᠮ ᠪᠣᠢ
ᠬᠦᠲᠦᠭᠦᠦ ᠬᠠᠲᠠᠭᠤ ᠠᠮᠢᠳᠤᠷᠠᠯ ᠤ᠋ᠨ ᠴᠢᠨᠢ
ᠬᠥᠮᠦᠨ ᠵᠠᠶᠠᠭ᠎ᠠ ᠨᠢ ᠶᠠᠭᠤ ᠰᠠᠨ ᠪᠢᠯᠡ
ᠵᠢᠷᠦᠬᠡᠨ ᠳ᠋ᠦ᠍ ᠪᠠᠳᠠᠷᠠᠭᠰᠠᠨ ᠬᠠᠢᠷ᠎ᠠ ᠶ᠋ᠢᠨ ᠤᠯᠠᠭᠠᠨ ᠰᠠᠷᠠᠨᠠᠢ
ᠴᠢ ᠮᠢᠨᠢ ᠴᠢᠮ᠎ᠠ ᠶ᠋ᠢ ᠪᠡᠨ
ᠵᠢᠷᠦᠬᠡᠨ ᠳ᠋ᠡᠭᠡᠨ ᠳᠡᠭᠡᠳᠦᠯᠡᠵᠦ ᠶᠠᠪᠤᠶ᠎ᠠ ᠳᠠ
ᠦᠰᠦᠭ ᠠᠮᠢᠯᠠᠭᠤᠯᠤᠭᠰᠠᠨ ᠨᠢ᠄ ᠭᠡᠭᠡᠷᠡᠯ
ᠦᠰᠦᠭ ᠬᠠᠲᠠᠭᠰᠠᠨ ᠨᠢ᠄ ᠭᠡᠭᠡᠷᠡᠯ᠂ ᠰᠡᠷᠭᠦᠯᠡᠩ
ᠬᠢᠨᠠᠭᠴᠢ᠄ ᠣᠳᠬᠠᠨᠰᠣ᠎ᠠ
