ᠭᠡᠢᠴᠢᠨ ᠵᠣᠴᠢᠨ ᠭᠡᠷ ᠢ᠋ᠶ᠋ᠡᠷ ᠳᠦᠭᠦᠷᠡᠩ-ᠮᠠᠨᠳᠤᠬᠤ ᠪᠠᠭᠰᠢ ᠶ᠋ᠢᠨ ᠤᠷᠠᠨ ᠪᠢᠴᠢᠯᠭᠡ
ᠭᠡᠢᠴᠢᠨ ᠵᠣᠴᠢᠨ ᠭᠡᠷ ᠢ᠋ᠶ᠋ᠡᠷ ᠳᠦᠭᠦᠷᠡᠩ
ᠣᠷᠳᠣᠰ ᠠᠷᠠᠳ ᠤ᠋ᠨ ᠳᠠᠭᠤᠤ
ᠳᠠᠭᠤᠴᠢᠨ᠄ ᠬᠤᠪᠢᠰᠬᠠᠯᠲᠤ
ᠠᠢᠷᠠᠭ ᠰᠦ ᠪᠡᠨ ᠭᠡᠮᠨᠡᠭᠡᠳ
ᠠᠢᠯᠴᠢᠨ ᠭᠡᠢᠴᠢᠨ ᠢ᠋ᠶ᠋ᠡᠨ ᠵᠣᠴᠢᠯᠠᠨ ᠰᠠᠭᠤᠶ᠎ᠠ ᠬᠦ
ᠠᠮᠠᠷᠠᠭ ᠬᠣᠶᠠᠭᠤᠯᠠ ᠪᠠᠷ ᠢ᠋ᠶ᠋ᠠᠨ ᠳᠠᠭᠤᠤ ᠪᠠᠨ ᠳᠠᠭᠤᠯᠠᠭᠠᠳ
ᠠᠨᠳᠠ ᠨᠥᠬᠥᠳ ᠢ᠋ᠶ᠋ᠡᠨ ᠪᠠᠶᠠᠰᠬᠠᠶ᠎ᠠ ᠬᠦ
ᠠ ᠬᠥ ᠭᠡᠢᠴᠢᠨ ᠵᠣᠴᠢᠨ ᠭᠡᠷ ᠢ᠋ᠶ᠋ᠡᠷ ᠳᠦᠭᠦᠷᠡᠩ
ᠠ ᠬᠠ ᠬᠥ ᠭᠡᠷ ᠦ᠋ᠨ ᠡᠵᠡᠨ ᠰᠡᠳᠬᠢᠯ ᠳᠦᠭᠦᠷᠡᠩ ᠰᠡᠳᠬᠢᠯ ᠳᠦᠭᠦᠷᠡᠩ᠃
ᠬᠣᠨᠢᠨ ᠰᠢᠭᠦᠰᠦ ᠪᠡᠨ ᠳᠡᠭᠡᠵᠢᠯᠡᠭᠡᠳ
ᠬᠣᠶᠠᠷ ᠬᠤᠨᠳᠠᠭ᠎ᠠ ᠪᠠᠷ ᠢ᠋ᠶ᠋ᠠᠨ ᠰᠥᠩᠨᠡᠶ᠎ᠡ ᠬᠦ
ᠬᠣᠯᠠ ᠣᠢᠷ᠎ᠠ ᠪᠠᠨ ᠶᠠᠷᠢᠯᠴᠠᠨ ᠶᠠᠷᠢᠯᠴᠠᠭᠠᠳ
ᠬᠣᠲᠠᠯᠠ ᠪᠦᠭᠦᠳᠡᠭᠡᠷ ᠢ᠋ᠶ᠋ᠡᠨ ᠨᠠᠷᠭᠢᠨ ᠰᠠᠭᠤᠶ᠎ᠠ ᠬᠦ
ᠠ ᠬᠥ ᠭᠡᠢᠴᠢᠨ ᠵᠣᠴᠢᠨ ᠭᠡᠷ ᠢ᠋ᠶ᠋ᠡᠷ ᠳᠦᠭᠦᠷᠡᠩ
ᠠ ᠬᠠ ᠬᠥ ᠭᠡᠷ ᠦ᠋ᠨ ᠡᠵᠡᠨ ᠰᠡᠳᠬᠢᠯ ᠳᠦᠭᠦᠷᠡᠩ ᠰᠡᠳᠬᠢᠯ ᠳᠦᠭᠦᠷᠡᠩ᠃
ᠬᠤᠭᠤᠷ ᠬᠤᠢᠴᠠᠩ ᠢ᠋ᠶ᠋ᠠᠨ ᠬᠥᠭᠯᠡᠭᠡᠳ
ᠬᠠᠭᠤᠴᠢᠨ ᠳᠠᠭᠤᠤ ᠪᠠᠨ ᠠᠶᠠᠯᠠᠶ᠎ᠠ ᠬᠦ
ᠬᠣᠯᠠ ᠶ᠋ᠢᠨ ᠵᠣᠴᠢᠨ ᠢ᠋ᠶ᠋ᠠᠨ ᠪᠠᠶᠠᠰᠬᠠᠨ ᠪᠠᠶᠠᠰᠬᠠᠭᠠᠳ
ᠬᠣᠷᠸ᠎ᠠ ᠶ᠋ᠢᠨ ᠰᠠᠢᠬᠠᠨ ᠳ᠋ᠤ᠌ ᠵᠢᠷᠭᠠᠨ ᠰᠠᠭᠤᠨ᠎ᠠ ᠬᠦ
ᠠ ᠬᠥ ᠭᠡᠢᠴᠢᠨ ᠵᠣᠴᠢᠨ ᠭᠡᠷ ᠢ᠋ᠶ᠋ᠡᠷ ᠳᠦᠭᠦᠷᠡᠩ
ᠠ ᠬᠠ ᠬᠥ ᠭᠡᠷ ᠦ᠋ᠨ ᠡᠵᠡᠨ ᠰᠡᠳᠬᠢᠯ ᠳᠦᠭᠦᠷᠡᠩ ᠰᠡᠳᠬᠢᠯ ᠳᠦᠭᠦᠷᠡᠩ᠃
ᠰᠢᠵᠢᠷ ᠨᠠᠷᠠᠨ ᠤ᠋ ᠪᠠᠨ ᠲᠤᠶᠠᠭᠠᠨ ᠳ᠋ᠠᠭᠠᠨ
ᠰᠢᠨ᠎ᠡ ᠶ᠋ᠢᠨ ᠴᠠᠢ ᠪᠠᠨ ᠰᠦᠯᠡᠶᠡ ᠬᠦ
ᠰᠢᠨᠵᠢ ᠲᠡᠭᠦᠰ ᠭᠡᠢᠴᠢᠳ ᠲᠡᠭᠡᠨ
ᠰᠢᠨ᠎ᠡ ᠶ᠋ᠢᠨ ᠨᠠᠢᠷ ᠢ᠋ᠶ᠋ᠠᠨ ᠡᠷᠭᠦᠨ ᠪᠠᠷᠢᠶ᠎ᠠ ᠬᠦ
ᠠ ᠬᠥ ᠭᠡᠢᠴᠢᠨ ᠵᠣᠴᠢᠨ ᠭᠡᠷ ᠢ᠋ᠶ᠋ᠡᠷ ᠳᠦᠭᠦᠷᠡᠩ
ᠠ ᠬᠠ ᠬᠥ ᠭᠡᠷ ᠦ᠋ᠨ ᠡᠵᠡᠨ ᠰᠡᠳᠬᠢᠯ ᠳᠦᠭᠦᠷᠡᠩ ᠰᠡᠳᠬᠢᠯ ᠳᠦᠭᠦᠷᠡᠩ᠃
ᠦᠰᠦᠭ ᠠᠮᠢᠯᠠᠭᠤᠯᠤᠭᠴᠢ᠄ ᠨᠠᠷᠠᠨᠲᠣᠭᠣᠰ
ᠬᠢᠨᠠᠭᠴᠢ᠄ ᠤᠤᠭᠠᠨᠵᠢᠳ
