ᠬᠠᠪᠤᠷ ᠤ᠋ᠨ ᠠᠩᠬᠠᠨ ᠤ᠋ ᠡᠳᠦᠷ ᠦ᠋ᠨ ᠴᠠᠰᠤ- ᠫ᠂ ᠸᠠᠩᠳᠢᠨᠪᠤᠤХаврын анхны өдрийн цас-П,Вандинбуу
ᠬᠠᠪᠤᠷ ᠤ᠋ᠨ ᠠᠩᠬᠠᠨ ᠤ᠋ ᠡᠳᠦᠷ ᠦ᠋ᠨ ᠴᠠᠰᠤ
ᠫ᠂ ᠸᠠᠩᠳᠢᠨᠪᠤᠤ
ᠬᠠᠪᠤᠷ ᠤ᠋ᠨ ᠠᠩᠬᠠᠨ ᠤ᠋ ᠡᠳᠦᠷ ᠦ᠋ᠨ ᠴᠠᠰᠤ
ᠬᠠᠨᠠᠭᠠᠷ ᠲᠠᠯ᠎ᠠ ᠶ᠋ᠢ ᠪᠦᠷᠬᠦᠵᠦ ᠪᠠᠭᠤᠯ᠎ᠠ
ᠬᠠᠮᠤᠭ ᠲᠦᠮᠡᠨ ᠢ᠋ ᠪᠠᠶᠠᠰᠬᠠᠵᠤ ᠪᠠᠭᠤᠯ᠎ᠠ
ᠬᠠᠴᠠᠷ ᠢ᠋ ᠦᠨᠦᠰᠴᠦ ᠰᠡᠮᠡᠭᠡᠷᠬᠡᠨ ᠪᠠᠭᠤᠯ᠎ᠠ
ᠬᠠᠪᠤᠷ ᠤ᠋ᠨ ᠠᠩᠬᠠᠨ ᠤ᠋ ᠡᠳᠦᠷ ᠦ᠋ᠨ ᠴᠠᠰᠤ
ᠬᠠᠮᠤᠭ ᠤᠷᠭᠤᠮᠠᠯ ᠢ᠋ ᠤᠮᠳᠠᠯᠠᠵᠤ ᠪᠠᠭᠤᠯ᠎ᠠ
ᠬᠠᠷᠢᠶᠠᠴᠠᠢ ᠰᠢᠪᠠᠭᠤ ᠶ᠋ᠢ ᠳᠠᠭᠤᠳᠠᠵᠤ ᠪᠠᠭᠤᠯ᠎ᠠ
ᠬᠠᠳᠠᠭ ᠳᠡᠯᠭᠡᠨ ᠰᠢᠨᠡᠯᠡᠬᠦ ᠭᠡᠵᠦ ᠪᠠᠭᠤᠯ᠎ᠠ
ᠬᠠᠪᠤᠷ ᠤ᠋ᠨ ᠠᠩᠬᠠᠨ ᠤ᠋ ᠡᠳᠦᠷ ᠦ᠋ᠨ ᠴᠠᠰᠤ
ᠬᠠᠢᠷ᠎ᠠ ᠪᠠᠨ ᠢᠪᠡᠭᠡᠵᠦ ᠴᠡᠪᠡᠷᠬᠡᠨ ᠪᠠᠭᠤᠯ᠎ᠠ
ᠬᠠᠷᠢ ᠶ᠋ᠢᠨ ᠰᠤᠷᠠᠭ ᠢ᠋ ᠰᠣᠨᠣᠰᠬᠠᠵᠤ ᠪᠠᠭᠤᠯ᠎ᠠ
ᠬᠠᠪᠤᠷ ᠤ᠋ᠨ ᠥᠩᠭᠡ ᠶ᠋ᠢ ᠮᠡᠳᠡᠭᠦᠯᠵᠦ ᠪᠠᠭᠤᠯ᠎ᠠ
ᠬᠠᠪᠤᠷ ᠤ᠋ᠨ ᠡᠳᠦᠷ ᠦ᠋ᠨ ᠠᠩᠬᠠᠨ ᠤ᠋ ᠴᠠᠰᠤ
ᠬᠠᠨᠢᠶᠠᠳᠤ ᠲᠣᠮᠣᠭᠣ ᠶ᠋ᠢ ᠠᠷᠢᠯᠭᠠᠵᠤ ᠪᠠᠭᠤᠯ᠎ᠠ
ᠬᠠᠯᠳᠠᠪᠤᠷᠢᠲᠤ ᠡᠪᠡᠳᠴᠢᠨ ᠢ᠋ ᠬᠥᠭᠡᠭᠡᠵᠦ ᠪᠠᠭᠤᠯ᠎ᠠ
ᠬᠠᠯᠠᠭᠤᠨ ᠬᠦᠢᠲᠡᠨ ᠢ᠋ ᠲᠡᠩᠴᠡᠭᠦᠯᠵᠦ ᠪᠠᠭᠤᠯ᠎ᠠ
ᠬᠠᠪᠤᠷ ᠤ᠋ᠨ ᠠᠩᠬᠠᠨ ᠤ᠋ ᠡᠳᠦᠷ ᠦ᠋ᠨ ᠴᠠᠰᠤ
ᠬᠠᠳᠠᠨ ᠤ᠋ ᠴᠡᠴᠡᠭ ᠢ᠋ ᠠᠮᠢᠯᠠᠭᠤᠯᠵᠤ ᠪᠠᠭᠤᠯ᠎ᠠ
ᠬᠠᠨ ᠲᠩᠷᠢ ᠶ᠋ᠢᠨ ᠵᠢᠭᠠᠪᠤᠷᠢ ᠲᠠᠢ ᠪᠠᠭᠤᠯ᠎ᠠ
ᠬᠠᠮᠤᠭ ᠠᠮᠢᠲᠠᠨ ᠢ᠋ ᠲᠤᠰᠠᠯᠠᠵᠤ ᠪᠠᠭᠤᠯ᠎ᠠ
ᠬᠠᠪᠤᠷ ᠤ᠋ᠨ ᠠᠩᠬᠠᠨ ᠤ᠋ ᠡᠳᠦᠷ ᠦ᠋ᠨ ᠴᠠᠰᠤ
ᠬᠠᠮᠤᠭ ᠰᠠᠢᠬᠠᠨ ᠢ᠋ ᠪᠡᠯᠭᠡᠳᠡᠵᠦ ᠪᠠᠭᠤᠯ᠎ᠠ
ᠬᠠᠮᠲᠤ ᠳ᠋ᠠᠭᠠᠨ ᠰᠢᠨᠡᠯᠡᠬᠦ ᠪᠡᠷ ᠤᠭᠲᠤᠵᠤ ᠪᠠᠭᠤᠯ᠎ᠠ
ᠬᠠᠳᠠᠭ ᠢ᠋ᠶ᠋ᠠᠨ ᠳᠡᠯᠭᠡᠵᠦ ᠮᠡᠨᠳᠦᠯᠡᠵᠦ ᠪᠠᠭᠤᠯ᠎ᠠ
2024.2.4
ᠦᠰᠦᠭ ᠠᠮᠢᠯᠠᠭᠤᠯᠤᠭᠴᠢ᠄ ᠳᠡᠯᠭᠡᠷᠴᠡᠴᠡᠭ
ᠬᠢᠨᠠᠭᠴᠢ᠄ ᠣᠳᠬᠠᠨᠰᠣ᠎ᠡ
