ᠰᠠᠢᠨ ᠰᠢᠨᠠᠯᠠᠪᠠ ᠤᠤ- ᠴᠢ᠊ · ᠤᠷᠠᠨᠴᠡᠴᠡᠭСайн шанаалав уу-Чи ·Урнцэцэг ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠢᠨ ᠰᠢᠨᠠᠯᠠᠪᠠ ᠤᠤ- ᠴᠢ᠊ · ᠤᠷᠠᠨᠴᠡᠴᠡᠭСайн шанаалав уу-Чи ·Урнцэцэг

ᠰᠠᠢᠨ ᠰᠢᠨᠠᠯᠠᠪᠠ ᠤᠤ- ᠴᠢ᠊ · ᠤᠷᠠᠨᠴᠡᠴᠡᠭСайн шанаалав уу-Чи ·Урнцэцэг

2024-02-12

417

ᠰᠠᠢᠨ ᠰᠢᠨᠠᠯᠠᠪᠠ ᠤᠤ

   ᠰᠢᠯᠦᠭ᠄ ᠴᠢ᠊ · ᠤᠷᠠᠨᠴᠡᠴᠡᠭ 

ᠬᠥᠬᠡ ᠯᠤᠤ ᠵᠢᠯ ᠳ᠋ᠦ᠍ ᠪᠡᠨ 
ᠬᠥᠭᠵᠢᠬᠦ ᠰᠣᠶᠣᠯ ᠤ᠋ᠨ ᠬᠥᠰᠢᠭᠡ ᠶ᠋ᠢ ᠰᠡᠬᠦᠨᠡᠮ 
ᠬᠥᠬᠡ ᠮᠣᠩᠭᠣᠯ ᠨᠤᠲᠤᠭ ᠮᠢᠨᠢ 
ᠬᠥᠬᠡᠷᠡᠨ ᠨᠣᠭᠣᠭᠠᠷᠠᠬᠤ ᠶ᠋ᠢ ᠢᠷᠥᠭᠡᠨᠡᠮ 
ᠤᠷᠤᠰᠤᠮ᠎ᠠ ᠮᠣᠩᠭᠣᠯ ᠬᠡᠯᠡ ᠪᠡᠷ ᠢ᠋ᠶ᠋ᠡᠨ 
ᠤᠷᠭᠤᠭ᠎ᠠ ᠮᠣᠩᠭᠣᠯ ᠦᠰᠦᠭ ᠢ᠋ᠶ᠋ᠡᠷ ᠢ᠋ᠶ᠋ᠡᠨ 
ᠤᠶᠠᠩᠭᠠᠯᠢᠭ ᠮᠣᠩᠭᠣᠯ ᠳᠠᠭᠤᠤ ᠪᠠᠷ ᠢ᠋ᠶ᠋ᠠᠨ 
ᠣᠷᠴᠢᠬᠤ ᠠᠭᠠᠷ ᠤ᠋ᠨ ᠴᠠᠬᠢᠮ ᠳᠣᠯᠭᠢᠶᠠᠨ ᠢ᠋ᠶ᠋ᠠᠷ 
ᠬᠠᠩᠭᠠᠢ ᠨᠤᠲᠤᠭ ᠤ᠋ᠨ ᠬᠠᠢᠷ᠎ᠠ ᠶ᠋ᠢᠨ 
ᠬᠠᠪᠤᠷ ᠬᠠᠮᠤᠭ ᠮᠣᠩᠭᠣᠯᠴᠤᠳ ᠲᠤ ᠪᠠᠨ
ᠬᠠᠳᠠᠭ ᠬᠥᠬᠦᠦᠷ ᠢ᠋ᠶ᠋ᠡᠷ ᠢ᠋ᠶ᠋ᠡᠨ ᠵᠣᠯᠭᠠᠨ
ᠬᠠᠯᠠᠭᠤᠨ ᠮᠡᠨᠳᠦᠴᠢᠯᠡᠯ ᠢ᠋ᠶ᠋ᠡᠨ ᠳᠡᠪᠰᠢᠭᠦᠯᠦᠶ᠎ᠡ
ᠴᠠᠭᠠᠨ ᠰᠠᠷ᠎ᠠ ᠶ᠋ᠢᠨ ᠥᠯᠵᠡᠢᠲᠡᠢ
ᠠᠮᠤᠭᠤᠯᠠᠩ ᠢ᠋ ᠠᠢᠯᠠᠳᠬᠠᠵᠤ ᠪᠠᠢᠨ᠎ᠠ
ᠳᠠᠭᠤᠤ
ᠠᠯᠲᠠ ᠶᠤ᠌ ᠬᠠᠳᠠᠭ ᠢ᠋ᠶ᠋ᠠᠨ ᠳᠡᠯᠭᠡᠨ ᠪᠠᠷᠢᠵᠤ
ᠠᠮᠤᠷ ᠮᠡᠨᠳᠦ ᠶ᠋ᠢ ᠨᠢ ᠢᠷᠥᠭᠡᠨ ᠰᠢᠨᠡᠯᠡᠶ᠎ᠡ
ᠠᠳᠬᠤ ᠶᠤ᠌ ᠳᠦᠭᠦᠷᠡᠩ ᠬᠥᠬᠦᠦᠷ ᠢ᠋ᠶ᠋ᠡᠷ ᠢ᠋ᠶ᠋ᠡᠨ
ᠠᠰᠢᠳᠠ ᠶ᠋ᠢᠨ ᠵᠢᠷᠭᠠᠯ ᠢ᠋ ᠨᠢ ᠪᠡᠯᠭᠡᠳᠡᠨ ᠵᠣᠯᠭᠠᠶ᠎ᠠ
ᠰᠠᠢᠨ ᠴᠤ᠌ ᠶᠠᠪᠤᠵᠤ ᠰᠠᠨᠠᠭ᠎ᠠ ᠪᠠᠷ ᠢ᠋ᠶ᠋ᠠᠨ ᠵᠢᠷᠭ᠎ᠠ
ᠡᠩᠬᠡ ᠶᠠᠪᠤᠵᠤ ᠮᠥᠩᠬᠡ ᠵᠢᠷᠭ᠎ᠠ
ᠤᠷᠲᠤ ᠨᠠᠰᠤᠯᠠᠵᠤ ᠤᠳᠠᠭᠠᠨ ᠵᠢᠷᠭ᠎ᠠ
ᠤᠳᠤᠮ ᠲᠥᠷᠥᠯ ᠢ᠋ᠶ᠋ᠡᠷ ᠢ᠋ᠶ᠋ᠡᠨ ᠪᠦᠲᠦᠨ ᠵᠢᠷᠭ᠎ᠠ

   ※ ᠬᠥᠬᠦᠦᠷ — ᠣᠳᠣ ᠶ᠋ᠢᠨ ᠳᠦᠷᠢᠮᠵᠢᠭᠦᠯᠦᠭᠰᠡᠨ ᠪᠢᠴᠢᠯᠭᠡ᠃
   ᠦᠰᠦᠭ ᠠᠮᠢᠯᠠᠭᠤᠯᠤᠭᠰᠠᠨ ᠨᠢ᠄ ᠴᠢ᠊ · ᠤᠷᠠᠨᠴᠡᠴᠡᠭ
   ᠬᠢᠨᠠᠯᠲᠠ ᠪᠠᠭᠰᠢ᠄ ᠮᠥᠴᠢᠷ    ᠠ᠊ · ᠰᠠᠷᠠᠩᠭᠡᠷᠡᠯ