ᠬᠣᠷᠭᠣ ᠶᠢᠨ ᠬᠥᠬᠡ ᠠᠭᠤᠯᠠᠰ ᠮᠢᠨᠢ- ᠬ᠃ ᠭᠠᠩ-ᠡᠷᠳᠡᠨᠢХоргын хөх уулс минь- Х. Ган-Эрдэнэ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠭᠣ ᠶᠢᠨ ᠬᠥᠬᠡ ᠠᠭᠤᠯᠠᠰ ᠮᠢᠨᠢ- ᠬ᠃ ᠭᠠᠩ-ᠡᠷᠳᠡᠨᠢХоргын хөх уулс минь- Х. Ган-Эрдэнэ

ᠬᠣᠷᠭᠣ ᠶᠢᠨ ᠬᠥᠬᠡ ᠠᠭᠤᠯᠠᠰ ᠮᠢᠨᠢ- ᠬ᠃ ᠭᠠᠩ-ᠡᠷᠳᠡᠨᠢХоргын хөх уулс минь- Х. Ган-Эрдэнэ

ᠠᠩᠭᠢᠯᠠᠯ:ᠳᠠᠭᠤᠤ ᠬᠥᠭᠵᠢᠮ
2024-02-10

425

ᠬᠣᠷᠭᠣ ᠶ᠋ᠢᠨ ᠬᠥᠬᠡ ᠠᠭᠤᠯᠠᠰ ᠮᠢᠨᠢ

   ᠦᠭᠡ᠄ ᠠ᠊·ᠲᠡᠭᠦᠰᠵᠢᠷᠭᠠᠯ 
   ᠠᠶ᠎ᠠ᠄ ᠰ· ᠪᠠᠳᠤᠸᠴᠢᠷ 
   ᠭ· ᠭᠠᠩᠡᠷᠳᠡᠨᠢ ᠳᠠᠭᠤᠯᠠᠨ᠎ᠠ 

ᠡᠭᠦᠯᠡᠨ ᠳᠤᠮᠳᠠ ᠠ᠋ᠴᠠ ᠬᠥᠩᠬᠥᠢᠬᠦ ᠬᠣᠷᠭᠣ ᠶ᠋ᠢᠨ ᠴᠡᠩᠬᠡᠷ ᠠᠭᠤᠯᠠ 
ᠦᠶᠡᠯᠵᠡᠭᠰᠡᠨ ᠨᠠᠭᠤᠷ ᠤ᠋ᠨ ᠳᠣᠯᠭᠢᠶ᠎ᠠ ᠰᠢᠭ᠋ ᠡᠪᠡᠰᠦᠨ ᠰᠥᠯ ᠲᠡᠢ ᠨᠤᠲᠤᠭ ᠮᠢᠨᠢ! 
ᠦᠭᠡᠢᠯᠡᠨ ᠰᠠᠨᠠᠬᠤ ᠶ᠋ᠢᠨ ᠵᠢᠷᠭᠠᠯ ᠢ᠋ᠶ᠋ᠠᠷ ᠲᠠᠨ ᠢ᠋ ᠪᠡᠨ ᠵᠣᠷᠢᠨ ᠣᠴᠢᠬᠤ ᠳ᠋ᠤ᠌ ᠮᠢᠨᠢ 
ᠦᠷ᠎ᠡ ᠪᠡᠨ ᠲᠡᠪᠡᠷᠢᠬᠦ ᠠᠪᠤ ᠰᠢᠭ᠋ ᠮᠢᠨᠢ ᠰᠡᠳᠬᠢᠯ ᠳ᠋ᠦ᠍ ᠲᠦᠰᠢᠭᠲᠡᠢ ᠬᠠᠩᠭᠠᠢ ᠮᠢᠨᠢ! 
ᠦᠶ᠎ᠡ ᠦᠶᠡᠰᠬᠡᠨ ᠪᠣᠳᠣᠭᠳᠠᠭᠠᠳ ᠪᠠᠢᠨ᠎ᠠ 
ᠦᠭᠡᠢᠯᠡᠨ ᠰᠠᠨᠠᠭᠰᠠᠭᠠᠷ ᠨᠤᠲᠤᠭ ᠲᠤ ᠪᠠᠨ ᠢᠷᠡᠯ᠎ᠡ᠃ 
ᠪᠠᠷ᠎ᠠ ᠪᠠᠷᠠᠨ ᠳ᠋ᠤ᠌ ᠪᠠᠨ ᠲᠦᠩᠬᠦᠢᠬᠦ ᠪᠠᠲᠤ ᠬᠠᠨ ᠤ᠋ ᠬᠦᠷᠭᠡᠨ ᠠᠭᠤᠯᠠ  
ᠪᠠᠳ ᠤ᠋ᠨ ᠪᠥᠭᠡᠷ᠎ᠡ ᠶ᠋ᠢᠨ ᠤᠨᠳᠤᠷᠭ᠎ᠠ ᠪᠠᠷ ᠥᠯᠮᠡᠢ ᠳᠡᠪᠢᠰᠦᠭᠰᠡᠨ ᠨᠤᠲᠤᠭ ᠮᠢᠨᠢ! 
ᠪᠠᠬᠠᠳᠤᠨ ᠰᠠᠨᠠᠬᠤ ᠶ᠋ᠢᠨ ᠵᠢᠷᠭᠠᠯ ᠢ᠋ᠶ᠋ᠠᠷ ᠲᠠᠨ ᠢ᠋ ᠪᠡᠨ ᠵᠣᠷᠢᠨ ᠣᠴᠢᠬᠤ ᠳ᠋ᠤ᠌ ᠮᠢᠨᠢ 
ᠪᠤᠳᠠᠩ ᠤ᠋ᠨ ᠨᠠᠮᠢᠷᠠᠭ᠎ᠠ ᠬᠤᠷ᠎ᠠ ᠪᠠᠷ ᠡᠯᠢᠭᠡ ᠶ᠋ᠢ ᠮᠢᠨᠢ ᠳᠡᠪᠲᠦᠭᠡᠬᠦ ᠬᠠᠩᠭᠠᠢ ᠮᠢᠨᠢ 
ᠪᠣᠳᠣᠯ ᠤ᠋ᠨ ᠭᠦᠨ ᠡᠴᠡ ᠦᠭᠡᠢᠯᠡᠭᠳᠡᠭᠡᠳ ᠪᠠᠢᠨ᠎ᠠ 
ᠪᠤᠭᠤᠷᠤᠯ ᠤ᠋ᠨ ᠪᠤᠶᠠᠨ ᠲᠠᠢ ᠨᠤᠲᠤᠭ ᠲᠤ ᠪᠠᠨ ᠢᠷᠡᠯ᠎ᠡ᠃
ᠡᠷᠡᠩᠳᠤᠨᠤᠢ ᠶ᠋ᠢᠨ ᠳᠣᠮᠣᠭ ᠢ᠋ ᠢᠪᠡᠭᠡᠯ ᠳ᠋ᠦ᠍ ᠪᠡᠨ ᠬᠠᠳᠠᠭᠠᠯᠠᠭᠰᠠᠨ ᠠᠭᠤᠯᠠ
ᠡᠴᠢᠭᠡ ᠳᠡᠭᠡᠳᠦᠰ ᠦ᠋ᠨ ᠦᠶ᠎ᠡ ᠡᠴᠡ ᠥᠨᠢ ᠭᠤᠶᠤᠭᠰᠠᠨ ᠨᠤᠲᠤᠭ ᠮᠢᠨᠢ
ᠡᠭᠡᠨᠡᠭᠰᠢᠨ ᠰᠠᠨᠠᠬᠤ ᠶ᠋ᠢᠨ ᠵᠢᠷᠭᠠᠯ ᠢ᠋ᠶ᠋ᠠᠷ ᠲᠠᠨ ᠢ᠋ ᠪᠡᠨ ᠵᠣᠷᠢᠨ ᠣᠴᠢᠬᠤ ᠳ᠋ᠤ᠌ ᠮᠢᠨᠢ
ᠡᠬᠡ ᠶ᠋ᠢᠨ ᠬᠠᠯᠠᠭᠤᠨ ᠡᠪᠦᠷ ᠰᠢᠭ ᠵᠢᠷᠦᠬᠡᠨ ᠳ᠋ᠦ᠍ ᠳᠤᠯᠠᠭᠠᠬᠠᠨ ᠬᠠᠩᠭᠠᠢ ᠮᠢᠨᠢ
ᠡᠯᠢᠭᠡ ᠵᠢᠷᠦᠬᠡᠨ ᠳ᠋ᠦ᠍ ᠮᠢᠨᠢ ᠤᠶᠠᠭᠠᠲᠠᠢ ᠪᠠᠢᠳᠠᠭ
ᠡᠷᠬᠡᠯᠡᠵᠦ ᠲᠣᠷᠨᠢᠭᠰᠠᠨ ᠨᠤᠲᠤᠭ ᠲᠤ ᠪᠠᠨ ᠢᠷᠡᠯ᠎ᠡ᠃
ᠰᠠᠢᠬᠠᠨ ᠨᠤᠲᠤᠭ ᠮᠢᠨᠢ ᠵᠡᠭᠦᠳᠦᠯᠡᠭᠳᠡᠭᠡᠳ ᠪᠠᠢᠨ᠎ᠠ
ᠰᠠᠨᠠᠨ ᠰᠠᠨᠠᠭᠰᠠᠭᠠᠷ ᠨᠤᠲᠤᠭ ᠲᠤ ᠪᠠᠨ ᠢᠷᠡᠯ᠎ᠡ᠂
ᠰᠠᠨᠠᠨ ᠰᠠᠨᠠᠭᠰᠠᠭᠠᠷ ᠨᠤᠲᠤᠭ ᠲᠤ ᠪᠠᠨ ᠢᠷᠡᠯ᠎ᠡ᠃

   ᠦᠰᠦᠭ ᠠᠮᠢᠯᠠᠭᠤᠯᠤᠭᠴᠢ ᠄ ᠪᠠᠳᠠᠷᠠᠯᠲᠤ
   ᠦᠰᠦᠭ ᠬᠠᠲᠠᠵᠤ ᠬᠢᠨᠠᠭᠴᠢ᠄ ᠬᠠᠷᠠᠭᠳᠠᠨ ᠷ᠂ ᠴᠢᠷᠮᠠᠢᠯᠳᠣ