ᠪᠢᠲᠡᠭᠦᠨ- ᠤᠷᠢᠶᠠᠩᠬᠠᠨ· ᠭᠦᠷᠵᠠᠪБитүүн-Урианхан·Гүржав

ᠪᠢᠲᠡᠭᠦᠨ
ᠤᠷᠢᠶᠠᠩᠬᠠᠨ· ᠭᠦᠷᠵᠠᠪ
ᠪᠠᠩᠰᠢ ᠪᠤᠤᠰᠠ ᠲᠠᠢ ᠪᠢᠲᠡᠭᠦᠨ
ᠪᠢᠰᠢᠯᠠᠭ ᠬᠤᠷᠤᠳ ᠲᠠᠢ ᠪᠢᠲᠡᠭᠦᠨ
ᠪᠠᠶᠠᠰᠤᠯ ᠳᠣᠭᠳᠣᠯᠤᠯ ᠲᠠᠢ ᠪᠢᠲᠡᠭᠦᠨ
ᠪᠠᠶᠠᠷᠯᠠᠯ ᠲᠠᠯᠠᠷᠬᠠᠯ ᠲᠠᠢ ᠪᠢᠲᠡᠭᠦᠨ
ᠪᠠᠶᠠᠨ ᠲᠠᠷᠭᠤᠨ ᠪᠢᠲᠡᠭᠦᠨ
ᠪᠠᠷᠢᠴᠠ ᠳᠦᠭᠦᠷᠡᠩ ᠪᠢᠲᠡᠭᠦᠨ
ᠪᠠᠷᠳᠠᠮ ᠣᠮᠤᠭᠯᠠᠭᠤᠨ ᠪᠢᠲᠡᠭᠦᠨ
ᠪᠠᠬᠠᠷᠬᠠᠯ ᠣᠯᠵᠷᠬᠠᠯ ᠲᠠᠢ ᠪᠢᠲᠡᠭᠦᠨ
ᠪᠢᠲᠡᠭᠦᠨ ᠳ᠋ᠦ᠍ ᠪᠡᠨ ᠳᠠᠶᠠᠭᠠᠷ ᠢ᠋ᠶ᠋ᠠᠨ ᠰᠠᠢᠨ ᠤᠤ?
ᠪᠢᠲᠡᠭᠦᠨ ᠦ᠌ ᠡᠳᠦᠷ ᠦ᠋ᠨ ᠮᠡᠨᠳᠦᠴᠢᠯᠡᠯ ᠳᠡᠪᠰᠢᠭᠦᠯᠦᠶ᠎ᠡ!
ᠪᠢᠲᠡᠭᠦᠨ ᠳ᠋ᠦ᠍ ᠪᠡᠨ ᠪᠦᠲᠦᠩᠬᠡᠨ ᠪᠢᠲᠡᠭᠦᠯᠡᠵᠦ
ᠪᠢᠳᠡ ᠬᠡᠵᠢᠶᠡᠳᠡ ᠪᠢᠯᠬᠠᠮ᠎ᠠ ᠲᠡᠷᠭᠡᠯᠬᠡᠨ ᠶᠠᠪᠤᠵᠠᠭᠠᠶ᠎ᠠ!
2024.2.9. ᠪᠢᠲᠡᠭᠦᠨ ᠦ᠌ ᠡᠳᠦᠷ᠂ ᠬᠥᠬᠡᠬᠣᠲᠠ ᠠ᠋ᠴᠠ
ᠦᠰᠦᠭ ᠠᠮᠢᠯᠠᠭᠤᠯᠤᠭᠴᠢ᠄ ᠲᠣᠳᠤᠭᠡᠷᠡᠯ
ᠦᠰᠦᠭ ᠬᠢᠨᠠᠭᠴᠢ᠄ ᠳᠣᠨᠤᠷᠤᠪ ᠤ᠋ᠨ ᠠᠯᠲᠠᠨᠴᠡᠴᠡᠭ᠂ ᠭᠠᠷᠮ᠎ᠠ
